ᠬᠠᠯᠬ᠎ᠠ ᠶᠢᠨ ᠠᠭᠤᠳᠠᠮ ᠨᠤᠲᠤᠭ ᠬᠠᠯᠠᠮᠵᠢ ᠶᠢᠨ ᠤᠨᠳᠤᠷᠤᠯ ᠲᠠᠢ ᠴᠤᠭᠯᠠᠭᠠᠨ
ᠨᠡᠶᠢᠲᠡᠯᠡᠭᠰᠡᠨ ᠴᠠᠭ᠄
2022/12/7
    ᠤᠷᠢᠶᠠᠩᠬᠠᠨ ᠤ᠂ ᠶᠤᠨᠳᠤᠨ ᠬᠠᠯᠬ᠎ᠠ ᠶᠢᠨ ᠠᠭᠤᠳᠠᠮ ᠨᠤᠲᠤᠭ ᠬᠠᠯᠠᠮᠵᠢ ᠶᠢᠨ ᠤᠨᠳᠤᠷᠤᠯ ᠲᠠᠢ ᠴᠤᠭᠯᠠᠭᠠᠨ — ᠬᠦᠩᠭᠠᠷᠠᠪᠳᠠᠨ ᠸᠠᠩᠳᠠᠨ ᠤ 85 ᠨᠠᠰᠤᠨ ᠤ ᠪᠠᠶᠠᠷ ᠵᠢᠴᠢ ︿ᠬᠦᠳᠡᠯᠮᠦᠷᠢ ᠶᠢᠨ ᠤᠯᠠᠭᠠᠨ ᠲᠤᠭ ᠤᠳᠤᠨ﹀ ᠤ ᠮᠢᠯᠢᠶᠠᠯᠭ᠎ᠠ ᠳᠤ ᠨᠢᠭᠡ ᠰᠢᠷ᠎ᠠ ᠨᠤᠬᠠᠢ ᠵᠢᠯ ᠤᠨ ᠨᠠᠮᠤᠷ ᠤᠨ ᠲᠤᠮᠳᠠ ᠰᠠᠷ᠎ᠠ ᠶᠢᠨ ᠰᠢᠨ᠎ᠡ ᠶᠢᠨ ᠲᠦᠷᠪᠡᠨ ᠤ ᠨᠠᠮᠤᠬᠠᠨ ᠰᠠᠶᠢᠬᠠᠨ ᠡᠳᠦᠷ ᠪᠠᠶᠢᠵᠦ ᠪᠢᠯᠡ᠃     ᠦᠷᠯᠦᠭᠡ ᠶᠢᠨ ᠲᠦᠷᠪᠡᠨ ᠴᠠᠭ ᠲᠤ᠂ ᠬᠠᠯᠬ᠎ᠠ ᠳᠤ ᠪᠦᠬᠦᠢ ︽ᠵᠢᠭᠠᠬᠠᠨ ᠸᠠᠩ︾ ᠤᠨ ᠨᠠᠶᠠᠨ ᠲᠠᠪᠤᠨ ᠨᠠᠰᠤᠨ ᠤ ᠪᠠᠶᠠᠷ ᠵᠢᠴᠢ ᠮᠤᠩᠭᠤᠯ ᠤᠯᠤᠰ ᠤᠨ ᠬᠦᠳᠡᠯᠮᠦᠷᠢ ᠶᠢᠨ ᠤᠯᠠᠭᠠᠨ ᠤᠳᠤᠨ ᠱᠠᠩᠨᠠᠯ ᠤᠨ ᠮᠢᠯᠢᠶᠠᠯᠭ᠎ᠠ ᠶᠢᠨ ᠨᠠᠭᠠᠳᠤᠮ ᠳᠤ ᠤᠷᠤᠯᠴᠠᠬᠤ ᠪᠦᠯᠬᠦᠮ ᠤᠯᠢᠶᠠᠰᠤᠳᠠᠢ ᠠᠴᠠ ᠮᠤᠷᠳᠠᠪᠠ᠃ ᠲᠦᠯᠦᠭᠡᠯᠡᠭᠴᠢᠳ ᠤᠨ ᠪᠦᠯᠬᠦᠮ ᠨᠢ ᠮᠦᠩᠬᠡᠪᠠᠭᠠᠳᠤᠷ ᠢᠶᠠᠷ ᠪᠦᠯᠬᠦᠮ ᠤᠨ ᠲᠠᠷᠤᠭ᠎ᠠ ᠪᠤᠯᠭᠠᠭᠰᠠᠨ ᠤ ᠶᠤᠨᠳᠤᠨ᠂ ᠲᠡᠮᠴᠤᠭ᠂ ᠷᠢ᠊ ᠰᠡᠴᠡᠨᠳᠦ᠂ ᠲᠡᠮᠦᠷᠪᠠᠭᠠᠳᠤᠷ᠂ ᠨᠠᠷᠠᠠᠴᠤᠭᠳᠤ᠂ ᠨᠠᠰᠤᠠᠮᠦ᠋ᠩᠬᠡ ᠵᠡᠷᠭᠡ ᠬᠤᠷᠢ ᠰᠢᠬᠠᠮ ᠬᠦᠮᠦᠰ ᠢᠶᠠᠷ ᠪᠦᠷᠢᠯᠳᠦᠪᠠ᠃ ᠦᠭᠡ ᠡᠪ ᠲᠠᠭᠠᠷᠠᠭᠰᠠᠨ ᠪᠦᠯᠬᠦᠮ ᠤᠨ ᠬᠢᠨ ᠴᠠᠭ ᠲᠦᠷᠦ ᠶᠢᠨ ᠰᠠᠶᠢᠬᠠᠨ ᠵᠠᠮ ᠬᠠᠷᠭᠤᠢ ᠶᠢᠨ ᠲᠦᠬᠦᠮ ᠪᠤᠯᠤᠭᠰᠠᠨ ᠢ ᠬᠡᠯᠡᠯᠴᠡᠭᠰᠡᠭᠡᠷ ᠬᠠᠷ᠎ᠠ ᠭᠤᠪᠢ ᠤᠷᠤᠬᠤ ᠳᠤ ᠦᠷ ᠤᠨ ᠬᠡᠬᠡ ᠤᠷᠤᠵᠦ ᠪᠠᠶᠢᠯ᠎ᠠ᠃ ᠮᠦᠩᠬᠡᠪᠠᠭᠠᠳᠤᠷ᠂ ᠲᠡᠮᠴᠤᠭ ᠪᠤᠯ ᠡᠬᠡᠪᠤᠯᠠᠭ ᠰᠤᠮᠤ ᠪᠠᠷ ᠨᠤᠲᠤᠭ ᠲᠠᠢ᠂ ᠨᠤᠲᠤᠭ ᠤᠨ ᠪᠠᠷ᠎ᠠ ᠪᠠᠨ ᠬᠠᠷᠠᠭᠰᠠᠨ ᠲᠡᠮᠴᠤᠭ ᠭᠤᠸᠠᠢ ᠰᠢᠪᠠᠷ ᠤᠨ ᠴᠠᠪᠴᠢᠷ ᠭᠡᠮᠡᠬᠦ ᠭᠠᠵᠠᠷ ᠤᠨ ᠬᠤᠶᠢᠭᠤᠷ ᠭᠠᠷᠬᠤ ᠳᠤ᠄ ︽ᠲᠡᠭᠡᠷ᠎ᠡ ᠵᠠᠭᠤᠨ ᠤ ᠲᠠᠪᠢᠭᠠᠳ ᠤᠨ ᠤ ᠦᠶ᠎ᠡ ᠳᠤ᠂ ᠡᠷᠬᠢᠮ ᠠᠮᠪᠠ ᠶᠢᠨ ᠮᠠᠨᠠᠶᠢᠬᠢᠨ ᠲᠠᠢ ᠬᠡᠵᠢᠶᠡᠳᠡ ᠠᠶᠢᠯ ᠰᠠᠭᠠᠬᠠᠯᠳᠠ ᠶᠠᠪᠤᠳᠠᠭ ᠪᠠᠶᠢᠵᠠᠢ᠃ ᠨᠢᠭᠡᠨ ᠤᠳᠠᠭ᠎ᠠ ᠡᠨᠡ ᠰᠢᠪᠠᠷ ᠤᠨ ᠴᠠᠪᠴᠢᠷ ᠤᠨ ᠬᠤᠶᠢᠳᠦ ᠬᠦᠪᠡᠭᠡᠨ ᠳᠤ ᠠᠶᠢᠮᠠᠭ ᠤᠨ ᠨᠢᠭᠡ ᠲᠠᠷᠤᠭ᠎ᠠ ᠪᠠᠭ᠎ᠠ ᠮᠠᠰᠢᠨ ᠲᠠᠢ ᠪᠠᠨ ᠶᠠᠪᠤᠵᠦ ᠪᠠᠶᠢᠭᠠᠳ ᠰᠢᠪᠠᠷᠳᠠᠭᠠᠳ ᠭᠠᠷᠭᠠᠵᠦ ᠲᠡᠶᠢᠯᠬᠦ ᠦᠭᠡᠢ ᠠᠷᠭ᠎ᠠ ᠪᠠᠨ ᠪᠠᠷᠠᠵᠦ ᠪᠠᠶᠢᠵᠠᠢ᠃ ᠨᠠᠷᠠ ᠰᠢᠩᠭᠡᠬᠦ ᠴᠤ ᠤᠶᠢᠷᠠᠳᠤᠨ᠎ᠡ᠃ ᠲᠡᠭᠡᠵᠦ ᠪᠠᠶᠢᠳᠠᠯ᠎ᠠ ᠵᠡᠭᠦᠨ ᠬᠤᠶᠢᠳᠦ ᠡᠩᠬᠡᠷ ᠢᠶᠠᠷ ᠨᠢᠭᠡᠨ ᠮᠤᠷᠢᠳᠠᠨ ᠶᠠᠪᠤᠬᠤ ᠬᠠᠷᠠᠭᠳᠠᠬᠤ ᠳᠤ ᠡᠨᠡ ᠬᠡᠳᠦᠭᠦᠯᠡ ᠤᠯᠵᠦ ᠦᠵᠡᠭᠡᠳ ᠭᠠᠷ ᠲᠠᠯᠠᠯᠤᠨ ᠲᠠᠭᠤᠳᠠᠬᠤ ᠳᠤ ᠲᠡᠷᠡ ᠬᠦᠮᠦᠨ ᠤᠯᠵᠦ ᠦᠵᠡᠭᠰᠡᠨ ᠪᠤᠯᠤᠯᠳᠡᠢ ᠲᠡᠳᠡᠨ ᠵᠦᠭ ᠬᠦᠷᠴᠦ ᠢᠷᠡᠵᠡᠢ᠃ ᠠᠶᠢᠮᠠᠭ ᠤᠨ ᠲᠠᠷᠤᠭ᠎ᠠ ᠨᠠᠷ ᠴᠦ ᠠᠮᠪᠠ ᠶᠢ ᠲᠠᠨᠢᠬᠤ ᠪᠤᠯᠬᠤᠷ ᠠᠮᠤᠷ ᠠᠰᠠᠭᠤᠯᠴᠠᠨ ᠮᠠᠨᠳᠤ ᠮᠡᠳᠡᠯᠴᠡᠭᠰᠡᠨ ᠢᠶᠠᠨ ᠲᠠᠷᠤᠭ᠎ᠠ ᠭᠤᠸᠠᠢ᠄ ᠵᠠ᠂ ᠴᠢ ᠢᠷᠡᠭᠰᠡᠨ ᠨᠢ ᠰᠠᠶᠢᠨ ᠪᠤᠯᠤᠯ᠎ᠠ᠃ ᠪᠢᠳᠡ ᠠᠳᠡ ᠰᠠᠭᠠᠳᠠᠭᠠᠳ ᠨᠢᠭᠡ ᠡᠳᠦᠷ ᠪᠤᠯᠴᠢᠬᠠᠯ᠎ᠠ᠂ ᠪᠢᠳᠡᠨ ᠢ ᠨᠢᠭᠡ ᠤᠨᠤᠭ᠎ᠠ ᠳᠤ ᠵᠠᠯᠭᠠᠭᠤᠯᠪᠡᠯ ᠶᠠᠮᠠᠷ ᠪᠤᠢ︖ ᠭᠡᠬᠦ ᠳᠤ ᠡᠷᠬᠢᠮᠪᠠᠳᠤ ᠭᠤᠸᠠᠢ ᠰᠢᠪᠠᠷᠳᠠᠭᠰᠠᠨ ᠲᠡᠷᠭᠡ ᠶᠢ ᠨᠢᠭᠡ ᠲᠤᠭᠤᠷᠢᠵᠦ ᠦᠵᠡᠭᠡᠳ᠄ ᠲᠡᠷᠭᠡᠨ ᠤ ᠠᠷᠤ ᠶᠢᠨ ᠲᠡᠮᠦᠷ ᠠᠴᠠ ᠪᠠᠷᠢᠭᠠᠳ ᠡᠷᠭᠦᠪᠡᠯ ᠭᠠᠷᠭᠠᠴᠢᠬᠠᠬᠤ ᠦᠭᠡᠢ ᠤᠤ︕ ᠭᠡᠰᠡᠨ ᠳᠤ ᠱᠤᠭ ᠶᠦᠮᠦᠷᠯᠢᠭ ᠦᠬᠡ ᠲᠠᠢ ᠡᠷᠢᠶᠡᠨ ᠲᠡᠮᠳᠢᠨ ᠭᠡᠬᠦ ᠵᠢᠯᠤᠭᠤᠴᠢ᠄ ᠡᠷᠬᠢᠮᠪᠠᠳᠤ ᠡ᠂ ᠲᠠ ᠴᠢᠨᠢ ᠪᠦᠬᠡ ᠬᠦᠮᠦᠨ ᠭᠡᠬᠦ ᠠᠴᠠ ᠪᠢᠰᠢ᠂ ᠶᠠᠮᠠᠷ ᠲᠠᠭᠠᠨ ᠠᠷᠰᠯᠠᠨ ᠵᠠᠭᠠᠨ ᠪᠤᠯᠵᠦ ᠤᠤ︖︾ ᠭᠡᠰᠡᠨ ᠳᠤ ᠡᠷᠬᠢᠮ ᠠᠮᠪᠠ᠄ ᠶᠠᠭᠤ ᠪᠤᠯᠤᠭᠰᠠᠨ ᠴᠤ ᠪᠢ ᠨᠢᠭᠡ ᠡᠷᠭᠦᠵᠦ ᠦᠵᠡᠶ᠎ᠡ᠂ ᠲᠠᠨᠤᠰ ᠪᠤᠳᠠᠨ ᠤ ᠦᠨᠳᠦᠰᠦ᠂ ᠬᠠᠳᠠ ᠴᠢᠯᠠᠭᠤ ᠲᠡᠭᠦᠵᠦ ᠪᠤᠯᠤ ᠲᠤᠤᠷ᠎ᠠ ᠨᠢ ᠬᠢᠬᠦ ᠶᠢ ᠪᠤᠳᠤ ᠭᠡᠰᠡᠨ ᠢᠶᠠᠨ ᠲᠡᠷᠭᠡᠨ ᠤ ᠠᠷᠤ ᠶᠢᠨ ᠲᠡᠮᠦᠷ ᠵᠢᠶᠠᠰᠠ ᠠᠴᠠ ᠲᠡᠷᠯᠢᠭ ᠤᠨ ᠲᠤᠷᠤᠭᠤ ᠪᠠᠨ ᠲᠠᠪᠬᠤᠷᠯᠠᠵᠦ ᠪᠠᠷᠢᠭᠠᠳ ᠬᠢᠰᠭᠢᠴᠠ ᠪᠠᠨ ᠯᠠᠪᠳᠠᠭᠤᠨ ᠵᠤᠭᠰᠤᠭᠰᠠᠨ ᠢᠶᠠᠨ ᠭᠡᠨᠡᠳᠳᠡ ᠬᠦᠴᠦᠯᠠᠨ ᠡᠷᠭᠦᠭᠦ ᠳᠤ᠂ ᠰᠢᠪᠠᠷ ᠲᠤ ᠭᠦᠨ ᠰᠢᠭᠢᠳᠦᠭᠰᠡᠨ ᠲᠡᠷᠭᠡᠨ ᠪᠤᠯᠤ ᠶᠢ ᠤᠰᠤ ᠰᠢᠪᠠᠷ ᠢ ᠨᠢ ᠭᠤᠷᠴᠢᠭᠢᠨᠡᠳᠡᠯ᠎ᠡ ᠭᠤᠭᠤᠵᠢᠭᠤᠯᠵᠦ ᠰᠢᠪᠠᠷ ᠠᠴᠠ ᠰᠤᠭᠤᠯᠤᠨ ᠭᠠᠷᠭᠠᠭᠰᠠᠨ ᠳᠤ ᠲᠡᠷᠡ ᠬᠡᠳᠦᠭᠦᠯᠡ ᠴᠤ ᠪᠤᠯᠤ ᠲᠤᠤᠷ᠎ᠠ ᠨᠢ ᠪᠤᠳᠠ ᠴᠢᠯᠠᠭᠤ ᠪᠠᠨ ᠬᠢᠵᠦ ᠠᠮᠵᠢᠵᠠᠢ᠃ ᠵᠢᠯᠤᠭᠤᠴᠢ ᠭᠤᠸᠠᠢ ᠴᠤ ᠲᠡᠷᠭᠡ ᠪᠠᠨ ᠨᠤᠴᠤᠭᠠᠨ ᠤᠬᠤᠷᠢᠭᠤᠯᠤᠭᠰᠠᠨ ᠴᠢᠨᠢ ᠲᠡᠮᠡᠢ ᠬᠦᠴᠦ ᠤᠷᠤᠭᠰᠠᠨ ᠦᠭᠡᠢ ᠬᠤᠪᠬᠤ ᠦᠰᠦᠷᠦᠨ ᠭᠠᠷᠤᠯ᠎ᠠ ᠭᠡᠳᠡᠭ᠃ ᠪᠠᠶᠠᠷᠯᠠᠭᠰᠠᠨ ᠲᠠᠷᠤᠭ᠎ᠠ ᠢᠶᠠᠷ᠄ ᠡᠷᠬᠢᠮᠪᠠᠳᠤ ᠲᠠ ᠶᠠᠮᠠᠷ ᠶᠡᠭᠡ ᠴᠢᠳᠠᠯ ᠲᠠᠢ ᠬᠦᠮᠦᠨ ᠪᠤᠢ᠂ ᠬᠡᠷᠪᠡ ᠲᠠ ᠢᠷᠡᠭᠰᠡᠨ ᠦᠭᠡᠢ ᠪᠤᠯ ᠪᠢᠳᠡ ᠬᠡᠳᠦᠭᠦᠯᠡ ᠡᠨᠡ ᠰᠢᠪᠠᠷ ᠲᠠᠢ ᠵᠢᠭᠤᠷᠠᠭᠠᠳ ᠬᠡᠳᠦ ᠬᠤᠨᠤᠬᠤ ᠶᠤᠮ ᠪᠤᠤ ᠮᠡᠳᠡ︕ ᠭᠡᠵᠦ ᠰᠡᠳᠭᠢᠯ ᠬᠦᠳᠡᠯᠤᠨ ᠬᠡᠯᠡᠵᠡᠢ᠃ ᠡᠷᠬᠢᠮ ᠠᠮᠪᠠ ᠴᠤ ᠲᠡᠳᠡᠨ ᠢ ᠲᠠᠭᠠᠭᠤᠯᠤᠨ ᠭᠡᠷ ᠲᠡᠭᠡᠨ ᠠᠪᠠᠴᠢᠨ ᠵᠤᠴᠢᠯᠠᠯ᠎ᠠ ᠭᠡᠳᠡᠭ︾ ᠭᠡᠵᠦ ᠬᠠᠭᠤᠴᠢᠯᠠᠯ᠎ᠠ᠃ ᠪᠢᠳᠡᠨ ᠢ ᠪᠠᠶᠠᠨ ᠪᠤᠯᠠᠭ ᠤᠨ ᠵᠡᠭᠦᠨ ᠬᠤᠶᠢᠨ᠎ᠠ ᠬᠦᠷᠬᠦ ᠳᠤ ᠤᠯᠠᠭᠠᠨ ᠨᠠᠷᠠᠨ ᠤ ᠲᠤᠶᠠᠭ᠎ᠠ ᠠᠭᠤᠯᠠ ᠶᠢᠨ ᠲᠤᠯᠤᠭᠠᠢ ᠶᠢ ᠲᠠᠭᠠᠯᠠᠵᠦ ᠪᠠᠶᠢᠪᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号