| ᠵᠠᠰᠠᠭ ᠤᠨ ᠣᠷᠳᠣᠨ ᠤ ᠠᠵᠢᠯ ᠤᠨ ᠢᠯᠡᠳᠬᠡᠯ | | 2017 ᠣᠨ ᠤ 2 ᠰᠠᠷ᠎ᠠ ᠶᠢᠨ 21 ᠤ ᠡᠳᠦᠷ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ | ᠠᠷᠪᠡᠨ ᠲᠠᠪᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠠᠪᠤᠳᠤᠭᠠᠷ | ᠣᠳᠠᠭᠠᠨ ᠤ ᠬᠤᠷᠠᠯ ᠲᠡᠭᠡᠷ᠎ᠡ | | ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠤᠷᠤᠯᠠᠭᠴᠢ | ᠬᠤᠰᠢᠭᠤᠨ ᠲᠠᠷᠤᠭ᠎ᠠ ᠭᠥᠸᠧ ᠳᠠᠩ | ᠲᠦᠯᠦᠭᠡᠯᠡᠭᠴᠢᠳ ᠡ᠄ | ᠣᠳᠣ ᠪᠢ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠵᠦ᠂ ᠶᠡᠭᠡ ᠬᠤᠷᠠᠯ ᠳᠤ | ᠠᠵᠢᠯ ᠤᠨ ᠢᠯᠡᠳᠭᠡᠯ ᠬᠢᠶ᠎ᠡ᠃ ᠬᠢᠨᠠᠨ ᠵᠦᠪᠯᠡᠬᠦ ᠪᠤᠯᠪᠠᠤ︕ ᠬᠠᠮᠳᠣ ᠳᠤᠨᠢ ᠡᠯ᠎ᠡ ᠣᠯᠣᠰ ᠲᠦᠷᠦ ᠶᠢᠨ ᠵᠦᠪᠯᠡᠯᠭᠡᠨ | ᠤ ᠬᠡᠰᠢᠭᠦᠳᠰᠠᠨᠠᠯ ᠢᠶᠠᠨ ᠲᠤᠷᠠᠳᠬᠤ ᠪᠤᠯᠪᠠᠣ︕ | ᠨᠢᠭᠡ᠂ 2016 ᠤᠨ ᠤ ᠠᠵᠢᠯ ᠤᠨ ᠡᠷᠬᠢᠴᠡᠭᠦᠯᠦᠯ | 2016 ᠤᠨ ᠪᠤᠯ ︽13᠂ 5︾ ᠵᠢᠯ ᠤᠨ ᠳᠦᠯᠦᠪᠵᠢᠬᠦᠯᠭᠡ ᠶᠢᠨ ᠡᠬᠢᠯᠡᠯᠲᠡ ᠶᠢᠨ ᠵᠢᠯ ᠪᠠᠶᠢᠵᠤ᠂ | ᠮᠦᠨ ᠴᠦ ᠶᠠᠳᠠᠭᠤ ᠠᠴᠠ ᠠᠩᠵᠢᠷᠠᠭᠤᠯᠬᠤ ᠰᠢᠪᠳᠤᠯᠤᠯᠳᠠ ᠬᠢᠬᠦ ᠵᠠᠩᠬᠢᠯᠠᠭ᠎ᠠ ᠶᠢᠨ ᠵᠢᠯ ᠪᠤᠯᠤᠨ᠎ᠠ᠃ ᠨᠢᠬᠡ ᠵᠢᠯ ᠤᠨ | ᠳᠤᠷᠰᠢ᠂ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠠᠴᠠ ᠬᠤᠰᠢᠭᠤᠨ ᠤ ᠨᠠᠮ ᠤᠨ ᠬᠤᠷᠢᠶᠠᠨ ᠤ ᠵᠦᠪ | ᠤᠨᠤᠪᠴᠢᠳᠠᠢ ᠤᠳᠤᠷᠢᠳᠤᠯᠭ᠎ᠠ ᠳᠤᠤᠷ᠎ᠠ᠂ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ᠂ | ᠤᠯᠤᠰ ᠳᠦᠷᠦ ᠶᠢᠨ ᠵᠦᠪᠯᠡᠯᠭᠡᠨ ᠤ ᠪᠦᠲᠦᠮᠵᠢᠲᠡᠢ ᠬᠢᠨᠠᠯᠳᠠ ᠳᠠᠯᠪᠢᠯᠳᠠ ᠪᠠ ᠳᠡᠮᠵᠢᠯᠭᠡ ᠳᠤᠤᠷ᠎ᠠ᠂ ᠪᠦᠬᠦ | ᠬᠤᠰᠢᠭᠤᠨ ᠤ ᠡᠯ᠎ᠡ ᠦᠨᠳᠦᠰᠦᠳᠡᠨ ᠤ ᠠᠷᠠᠳ ᠲᠦᠮᠡᠨ ᠢ ᠪᠦᠯᠬᠦᠮᠳᠡᠨ ᠳᠠᠶᠢᠴᠢᠯᠠᠵᠤ᠂ ᠳᠤᠬᠢᠶᠠᠯ ᠢ ᠱᠠᠯᠠᠪᠳᠤᠨ | ᠠᠳᠬᠤᠵᠤ᠂ ᠪᠠᠬᠢᠯᠡᠯᠲᠡ ᠶᠢ ᠰᠢᠪᠳᠤᠯᠤᠨ ᠬᠦᠴᠢᠷᠳᠡᠯ ᠢ ᠳᠡᠰᠪᠦᠷᠢᠯᠡᠨ᠂ ᠬᠤᠰᠢᠭᠤᠨ ᠤ ᠠᠷᠪᠠᠨ ᠳᠠᠪᠤᠳᠤᠭᠠᠷ | ᠬᠤᠭᠤᠴᠠᠭᠠᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠳᠦᠷᠪᠡᠳᠦᠭᠡᠷ ᠤᠳᠠᠭᠠᠨ ᠤ ᠬᠤᠷᠠᠯ ᠳᠤ | ᠳᠤᠭᠳᠠᠭᠠᠭᠰᠠᠨ ᠡᠯ᠎ᠡ ᠵᠦᠢᠯ ᠤᠨ ᠬᠠᠷᠠᠯᠳᠠ ᠡᠬᠦᠷᠭᠡ ᠪᠠᠨ ᠨᠡᠯᠢᠶᠡᠳ ᠰᠠᠶᠢᠨ ᠪᠡᠶᠡᠯᠡᠬᠦᠯᠵᠤ᠂ ︽13᠂ 5︾ ᠵᠢᠯ | ᠤᠨ ᠳᠦᠯᠦᠪᠵᠢᠬᠦᠯᠭᠡ ᠶᠢᠨ ᠰᠠᠶᠢᠨ ᠰᠠᠶᠢᠬᠠᠨ ᠡᠬᠢᠯᠡᠯᠲᠡ ᠶᠢ ᠪᠡᠶᠡᠯᠡᠬᠦᠯᠪᠡ᠃ | ︵ᠨᠢᠬᠡ︶ ᠨᠡᠮᠡᠭᠳᠡᠯ ᠢ ᠳᠤᠭᠳᠠᠭᠤᠨ ᠪᠠᠶᠢᠯᠭᠠᠵᠤ᠂ ᠬᠦᠭᠵᠢᠯᠲᠡ ᠶᠢ ᠳᠦᠷᠭᠡᠳᠭᠡᠬᠦ ᠶᠢ ᠬᠦᠴᠦᠯᠡᠨ | ᠠᠬᠢᠭᠤᠯᠵᠤ᠂ ᠠᠵᠤ ᠠᠬᠤᠢ ᠶᠢᠨ ᠠᠵᠢᠯᠯᠠᠭᠠᠨ ᠤᠯᠠᠮ ᠨᠢᠬᠡ ᠠᠯᠬᠤᠮ ᠰᠠᠶᠢᠨ ᠪᠤᠯᠪᠠ᠃ ᠠᠵᠤ ᠦᠢᠯᠡᠰ ᠤᠨ | ᠬᠦᠷᠢᠶ᠎ᠡ ᠬᠡᠪᠴᠢᠶ᠎ᠡ ᠶᠢ ᠦᠷᠭᠡᠳᠭᠡᠨ᠂ ᠠᠵᠤ ᠦᠢᠯᠡᠰ ᠤᠨ ᠪᠦᠲᠦᠴᠡ ᠶᠢ ᠰᠢᠯᠢᠳᠡᠭᠵᠢᠬᠦᠯᠵᠤ᠂ ᠠᠵᠦ ᠠᠬᠤᠢ ᠶᠢᠨ | ᠬᠦᠭᠵᠢᠯᠲᠡ ᠶᠢᠨ ᠶᠠᠰᠤ ᠴᠢᠨᠠᠷ ᠪᠠ ᠦᠷ᠎ᠡ ᠠᠰᠢᠭ ᠢ ᠳᠡᠭᠡᠭᠰᠢᠯᠡᠬᠦᠯᠬᠦ ᠪᠠᠷ ᠭᠤᠤᠯᠯᠠᠨ ᠰᠢᠪᠳᠤᠯᠬᠤ ᠴᠢᠭᠯᠡᠯ ᠪᠤᠯᠭᠠᠬᠤ | ᠶᠢ ᠪᠠᠷᠢᠮᠳᠠᠯᠠᠵᠤ᠂ ᠦᠷᠬᠦᠯᠵᠢᠯᠡᠨ ᠨᠢᠬᠡᠳᠦᠭᠡᠷ ᠠᠵᠤ ᠦᠢᠯᠡᠰ ᠢ ᠴᠢᠩᠭᠠᠷᠠᠭᠤᠯᠤᠨ᠂ ᠬᠤᠶᠠᠳᠤᠭᠠᠷ ᠠᠵᠤ ᠦᠢᠯᠡᠰ ᠢ | ᠪᠤᠵᠠᠭᠠᠶᠢᠷᠠᠭᠤᠯᠵᠤ᠂ ᠭᠤᠷᠪᠠᠳᠤᠭᠠᠷ ᠠᠵᠤ ᠦᠢᠯᠡᠰ ᠢ ᠠᠮᠢᠳᠤᠯᠢᠬᠵᠢᠭᠤᠯᠪᠠ᠃ ᠭᠤᠤᠯ ᠬᠦᠢᠴᠡᠳᠭᠡᠬᠦ ᠳᠤᠭ᠎ᠠ | ᠳᠤᠭᠳᠠᠭᠤᠨ ᠳᠤᠮᠳᠠ ᠳᠠᠪᠰᠢᠯᠳᠠ ᠲᠠᠢ ᠪᠤᠯᠪᠠ᠃ ᠪᠦᠬᠦ ᠬᠤᠰᠢᠭᠤᠨ ᠤ ᠭᠠᠵᠠᠷ ᠤᠷᠤᠨ ᠤ ᠦᠢᠯᠡᠳᠪᠦᠷᠢᠯᠡᠯ ᠤᠨ | ᠶᠡᠷᠦᠩᠬᠡᠢ ᠦᠷᠳᠡᠭ 65.96 ᠳ᠋ᠦᠩᠰᠢᠭᠤᠷ ᠳᠦᠬᠦᠷᠢᠭ ᠢ ᠪᠡᠶᠡᠯᠡᠬᠦᠯᠵᠤ᠂ ᠠᠳᠠᠯᠢ ᠬᠤᠭᠤᠴᠠᠭᠠᠨ ᠬᠢ ᠠᠴᠠ 8% | ᠪᠠᠷ ᠨᠡᠮᠡᠭᠳᠡᠪᠡ᠃ ᠤᠯᠠᠨ ᠨᠡᠶᠢᠲᠡ ᠶᠢᠨ ᠳᠦᠰᠦᠪ ᠤᠨ ᠤᠷᠤᠯᠭ᠎ᠠ 2.32 ᠳ᠋ᠦᠩᠰᠢᠭᠤᠷ ᠳᠦᠬᠦᠷᠢᠭ ᠪᠠᠶᠢᠵᠤ᠂ | 12.85% ᠪᠠᠷ ᠨᠡᠮᠡᠭᠳᠡᠪᠡ᠃ 500 ᠲᠦᠮᠡᠨ ᠳᠦᠬᠦᠷᠢᠭ ᠠᠴᠠ ᠳᠡᠭᠡᠭᠰᠢᠬᠢ ᠳᠤᠭᠳᠠᠮᠠᠯ ᠬᠦᠷᠦᠩᠭᠡ ᠶᠢᠨ ᠪᠡᠯᠡ | ᠤᠷᠤᠭᠤᠯᠤᠯᠳᠠ 80.7 ᠳ᠋ᠦᠩᠰᠢᠭᠤᠷ ᠳᠦᠬᠦᠷᠢᠭ ᠪᠠᠶᠢᠵᠤ᠂ 14.1 % ᠪᠠᠷ ᠨᠡᠮᠡᠭᠳᠡᠪᠡ᠃ ᠬᠤᠳᠠ ᠬᠦᠳᠡᠭᠡ | ᠶᠢᠨ ᠨᠡᠶᠢᠳᠡᠮ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠤᠮᠳᠠᠴᠢ ᠶᠢᠨ ᠡᠵᠡᠮᠳᠡᠵᠤ ᠪᠤᠯᠬᠤ ᠤᠷᠤᠯᠭ᠎ᠠ ᠳᠤᠰ | ᠪᠦᠷᠢ 21700 ᠳᠦᠬᠦᠷᠢᠭ ᠪᠠ 7904 ᠳᠦᠬᠦᠷᠢᠭ ᠲᠤ ᠬᠦᠷᠴᠦ᠂ 8.4% ᠪᠠ 7.9% ᠪᠠᠷ ᠨᠡᠮᠡᠭᠳᠡᠪᠡ᠃ | ᠨᠡᠶᠢᠬᠡᠮ ᠤᠨ ᠭᠡᠷᠡᠭᠯᠡᠭᠡᠨ ᠤ ᠵᠦᠢᠯ ᠢ ᠵᠢᠵᠢᠭᠯᠡᠨ ᠬᠤᠳᠠᠯᠳᠤᠭᠰᠠᠨ ᠶᠡᠷᠦᠩᠬᠡᠢ ᠳᠤᠭ᠎ᠠ 20 ᠳ᠋ᠦᠩᠰᠢᠭᠤᠷ ᠳᠦᠬᠦᠷᠢᠭ | ᠪᠠᠶᠢᠵᠤ᠂ 10% ᠪᠠᠷ ᠨᠡᠮᠡᠭᠳᠡᠪᠡ᠃ ᠳᠠᠷᠢᠶᠠᠯᠠᠩ ᠮᠠᠯ ᠠᠵᠤ ᠠᠬᠤᠢ ᠶᠢᠨ ᠪᠦᠲᠦᠴᠡ ᠰᠢᠯᠢᠳᠡᠭᠵᠢᠪᠡ᠃ ︽ᠠᠮᠤ | ᠪᠤᠳᠠᠭ᠎ᠠ︾᠂ ︽ᠠᠵᠤ ᠠᠬᠤᠢ ᠶᠢᠨ ᠳᠠᠷᠢᠮᠠᠯ︾᠂ ︽ᠡᠪᠡᠰᠦ ᠪᠤᠷᠳᠤᠭ᠎ᠠ︾ ᠶᠢᠨ ᠪᠦᠲᠦᠴᠡ ᠶᠢ ᠳᠤᠬᠢᠷᠠᠭᠤᠯᠬᠤ | ᠬᠦᠴᠦᠯᠡᠴᠡ ᠪᠠᠨ ᠨᠡᠮᠡᠭᠳᠡᠬᠦᠯᠵᠤ᠂ ᠡᠷᠳᠡᠨᠢ ᠰᠢᠰᠢ ᠶᠢᠨ ︽ᠭᠠᠭᠴᠠᠭᠠᠷ ᠤᠷᠤᠶᠢᠯᠠᠬᠤ︾ ᠳᠠᠷᠢᠮᠠᠯ ᠤᠨ ᠪᠦᠲᠦᠴᠡ ᠶᠢ | ᠬᠤᠪᠢᠷᠠᠭᠤᠯᠵᠤ᠂ ᠤᠰᠤᠨ ᠳᠤᠳᠤᠷᠭ᠎ᠠ᠂ ᠰᠢᠰᠢ᠂ ᠳᠦᠮᠦᠰᠦ᠂ ᠡᠪᠡᠰᠦ ᠪᠤᠷᠳᠤᠭ᠎ᠠ ᠵᠡᠷᠭᠡ ᠳᠠᠷᠢᠮᠠᠯ ᠤᠨ ᠳᠠᠯᠠᠪᠠᠢ | ᠳᠠᠷᠢᠮᠠᠯ ᠤᠨ ᠵᠦᠢᠯᠡᠰ ᠢ ᠳᠠᠷᠢᠬᠤ ᠶᠡᠷᠦᠩᠬᠡᠢ ᠳᠠᠯᠠᠪᠠᠢ ᠶᠢᠨ 49.5% ᠶᠢ ᠡᠵᠡᠯᠡᠵᠤ᠂ ᠳᠠᠷᠢᠵᠤ ᠳᠡᠵᠢᠬᠡᠬᠦ ᠶᠢ | ᠤᠶᠠᠯᠳᠤᠭᠤᠯᠤᠨ᠂ ᠳᠠᠷᠢᠶᠠᠯᠠᠩ ᠮᠠᠯ ᠠᠵᠤ ᠠᠬᠤᠢ ᠶᠢᠨ ᠤᠷᠴᠢᠯ ᠬᠦᠭᠵᠢᠯᠲᠡ ᠶᠢ ᠠᠬᠢᠭᠤᠯᠪᠠ᠃ ᠳᠠᠷᠢᠮᠠᠯ ᠤᠨ | ᠵᠦᠢᠯᠡᠰ ᠤᠨ ᠶᠡᠷᠦᠩᠬᠡᠢ ᠳᠠᠷᠢᠭᠰᠠᠨ ᠳᠠᠯᠠᠪᠠᠢ 310 ᠲᠦᠮᠡᠨ ᠮᠣ᠋ ᠳᠤ ᠬᠦᠷᠴᠦ᠂ ᠪᠦᠬᠦ ᠵᠢᠯ ᠤᠨ ᠠᠮᠤ ᠪᠤᠳᠠᠭᠠᠨ ᠤ | ᠤᠨᠠᠯᠳᠠ 15.1 ᠳ᠋ᠦᠩᠰᠢᠭᠤᠷ ᠵᠢᠩ ᠳᠤ ᠬᠦᠷᠪᠡ᠃ ︽ᠬᠤᠨᠢ ᠶᠢ ᠳᠤᠭᠳᠠᠭᠤᠨ ᠪᠠᠶᠢᠯᠭᠠᠵᠤ ᠦᠬᠡᠷ ᠤᠨ ᠳᠤᠭ᠎ᠠ | ᠶᠢ ᠨᠡᠮᠡᠭᠳᠡᠬᠦᠯᠬᠦ︾ ᠬᠦᠭᠵᠢᠯᠲᠡ ᠶᠢᠨ ᠰᠡᠳᠬᠢᠴᠡ ᠶᠢ ᠪᠠᠷᠢᠮᠳᠠᠯᠠᠵᠤ᠂ ᠮᠠᠯ ᠠᠵᠤ ᠠᠬᠤᠢ ᠶᠢᠨ ᠪᠦᠲᠦᠴᠡ ᠶᠢ | ᠰᠢᠯᠢᠳᠡᠭᠵᠢᠬᠦᠯᠵᠤ᠂ ᠡᠬᠦᠯᠳᠡᠷ ᠢ ᠰᠠᠶᠢᠵᠢᠷᠠᠭᠤᠯᠬᠤ ᠠᠯᠬᠤᠴᠠ ᠪᠠᠨ ᠳᠦᠷᠭᠡᠳᠭᠡᠵᠤ᠂ ᠮᠠᠯ ᠳᠡᠵᠢᠬᠡᠪᠦᠷᠢ ᠶᠢᠨ | ᠡᠬᠦᠯᠳᠡᠷ ᠢ ᠰᠠᠶᠢᠵᠢᠷᠠᠭᠤᠯᠤᠭᠰᠠᠨ ᠨᠤᠷᠮ᠎ᠠ 98% ᠳᠤ ᠬᠦᠷᠴᠦ ᠮᠠᠯᠵᠢᠯ ᠤᠨ ᠣᠨ ᠳᠤ᠂ ᠪᠦᠬᠦ ᠬᠤᠰᠢᠭᠤᠨ ᠤ | ᠭᠡᠷ ᠤᠨ ᠳᠡᠵᠢᠬᠡᠪᠦᠷᠢ ᠶᠢᠨ ᠳᠤᠭ᠎ᠠ 362 ᠲᠦᠮᠡᠨ ᠳᠤᠯᠤᠭᠠᠢ ᠳᠤ ᠬᠦᠷᠪᠡ᠃ ᠠᠵᠤ ᠦᠢᠯᠡᠳᠪᠦᠷᠢ ᠶᠢᠨ ᠠᠵᠤ | ᠠᠬᠤᠢ ᠳᠤᠭᠳᠠᠭᠤᠨ ᠠᠵᠢᠯᠯᠠᠭᠠᠨ ᠲᠠᠢ ᠪᠤᠯᠪᠠ᠃ ᠭᠤᠤᠯ ᠠᠵᠤ ᠦᠢᠯᠡᠳᠪᠦᠷᠢ ᠶᠢᠨ ᠦᠢᠯᠡᠳᠬᠦᠨ ᠤ ᠬᠡᠮᠵᠢᠶ᠎ᠡ | ᠦᠷ᠎ᠡ ᠠᠰᠢᠭ ᠵᠡᠷᠭᠡᠪᠡᠷ ᠨᠡᠮᠡᠭᠳᠡᠵᠤ᠂ ᠬᠡᠪᠴᠢᠶᠡᠵᠢᠯ ᠠᠴᠠ ᠳᠡᠭᠡᠭᠰᠢᠬᠢ ᠠᠵᠤ ᠠᠬᠤᠶᠢᠯᠠᠯ 5 ᠡᠷᠦᠬᠡ ᠰᠢᠨ᠎ᠡ ᠪᠠᠷ | ᠨᠡᠮᠡᠭᠳᠡᠵᠤ᠂ 39 ᠡᠷᠦᠬᠡ ᠪᠤᠯᠵᠤ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ | 17.7 ᠳ᠋ᠦᠩᠰᠢᠭᠤᠷ ᠳᠦᠬᠦᠷᠢᠭ ᠲᠤ ᠬᠦᠷᠴᠦ᠂ 12.4% ᠪᠠᠷ ᠨᠡᠮᠡᠭᠳᠡᠪᠡ᠃ ᠮᠢᠩᠭᠠᠨ ᠲᠦᠮᠡᠨ ᠳᠦᠬᠦᠷᠢᠭ | ᠠᠴᠠ ᠳᠡᠭᠡᠭᠰᠢᠬᠢ ᠠᠵᠤ ᠦᠢᠯᠡᠳᠪᠦᠷᠢ ᠶᠢᠨ ᠭᠤᠤᠯᠳᠠᠯᠭᠠᠲᠦ ᠳᠦᠷᠦᠯ ᠵᠦᠢᠯ ᠢ 13 ᠭᠡᠷᠡᠭᠵᠢᠬᠦᠯᠵᠤ᠂ ᠠᠵᠤ | ᠦᠢᠯᠡᠳᠪᠦᠷᠢ ᠶᠢᠨ ᠳᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ 43 ᠳ᠋ᠦᠩᠰᠢᠭᠤᠷ ᠳᠦᠬᠦᠷᠢᠭ ᠢ | ᠪᠡᠶᠡᠯᠡᠬᠦᠯᠪᠡ᠃ ᠪᠠᠶᠠᠵᠢᠨ᠎ᠠ ᠠᠵᠤ ᠦᠢᠯᠡᠳᠪᠦᠷᠢ ᠶᠢᠨ ᠳᠤᠭᠤᠷᠢᠭ ᠤᠨ ᠶᠡᠷᠦᠩᠬᠡᠢ ᠴᠤᠭᠴᠠ ᠶᠢᠨ ᠳᠦᠯᠦᠪᠵᠢᠬᠦᠯᠭᠡ | ᠶᠢᠨ ᠳᠤᠬᠢᠷᠠᠭᠤᠯᠤᠯᠳᠠ ᠶᠢᠨ ᠳᠦᠰᠦᠯ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠵᠦᠪᠰᠢᠶᠡᠷᠡᠯ ᠢ | ᠤᠯᠵᠤ᠂ ᠤᠯᠤᠰ ᠤᠨ ᠨᠡᠬᠡᠬᠡᠯᠲᠡ ᠶᠢᠨ ᠤᠷᠤᠨ ᠢ ᠳᠠᠩᠰᠠᠯᠠᠬᠤ ᠠᠯᠪᠠᠨ ᠵᠠᠷ ᠤᠨ ᠭᠠᠷᠴᠠᠭ ᠲᠤ ᠠᠮᠵᠢᠯᠳᠠ ᠲᠠᠢ | ᠤᠷᠤᠪᠠ᠃ ᠤᠳᠤ ᠦᠶ᠎ᠡ ᠶᠢᠨ ᠦᠢᠯᠡᠴᠢᠯᠡᠬᠡᠨ ᠤ ᠦᠢᠯᠡᠰ ᠳᠦᠷᠭᠡᠨ ᠬᠦᠭᠵᠢᠪᠡ᠃ ᠬᠠᠩᠭᠠᠯ ᠤᠰᠤᠨ ᠴᠦᠬᠦᠷᠦᠮ | — ᠪᠠᠳᠤᠴᠠᠭᠠᠨ ᠤ ᠰᠡᠯᠡᠬᠦᠴᠡᠨ ᠵᠤᠭᠠᠴᠠᠵᠤ ᠠᠮᠠᠷᠠᠬᠤ ᠤᠷᠤᠨ ᠳᠡᠰ ᠳᠡᠪᠰᠢᠭᠡᠳ ᠤᠯᠤᠰ ᠤᠨ AAAA ᠳᠡᠰ ᠤᠨ | ᠵᠢᠭᠤᠯᠴᠢᠯᠠᠯ ᠤᠨ ᠦᠵᠡᠮᠵᠢ ᠶᠢᠨ ᠤᠷᠤᠨ ᠪᠤᠯᠵᠤ᠂ ᠦᠵᠡᠮᠵᠢ ᠶᠢᠨ ᠤᠷᠤᠨ ᠢ ᠡᠬᠦᠳᠦᠨ ᠪᠠᠶᠢᠭᠤᠯᠬᠤ ᠳᠡᠤᠬᠡᠲᠦ | ᠴᠢᠨᠠᠷ ᠲᠠᠢ ᠰᠢᠪᠳᠤᠯᠤᠯᠳᠠ ᠶᠢ ᠪᠡᠶᠡᠯᠡᠬᠦᠯᠪᠡ᠃ 17 ᠭᠠᠴᠠᠭ᠎ᠠ ᠶᠢ ︽ᠪᠦᠬᠦ ᠤᠯᠤᠰ ᠤᠨ ᠰᠢᠶᠠᠩ ᠳᠤᠰᠬᠤᠨ ᠤ | ᠵᠢᠭᠤᠯᠴᠢᠯᠠᠯ ᠤᠨ ᠶᠠᠳᠠᠭᠤ ᠶᠢ ᠳᠡᠳᠬᠦᠬᠦ ᠭᠤᠤᠯᠳᠠᠯᠭ᠎ᠠ ᠲᠠᠢ ᠳᠤᠰᠬᠤᠨ︾ ᠢᠶᠠᠷ ᠳᠤᠭᠳᠠᠭᠠᠪᠠ᠃ ᠪᠠᠳᠤᠴᠠᠭᠠᠨ | ᠴᠠᠭᠠᠨ ᠢᠳᠡᠭᠡᠨ ︽ᠳᠤᠮᠳᠠᠳᠤ ᠤᠯᠤᠰ ᠤᠨ ᠠᠯᠳᠠᠨ ᠮᠧᠲᠠᠯ ᠤᠨ ᠵᠢᠭᠤᠯᠴᠢᠯᠠᠯ ᠤᠨ ᠪᠠᠭ᠎ᠠ ᠢᠳᠡᠭᠡᠨ︾ ᠢᠶᠠᠷ | ᠰᠤᠩᠭᠤᠭᠳᠠᠪᠠ᠃ ᠨᠠᠢᠮᠠᠳᠤᠭᠠᠷ ᠬᠤᠭᠤᠴᠠᠭᠠᠨ ᠤ ᠪᠠᠳᠤᠴᠠᠭᠠᠨ ᠤ ᠵᠢᠭᠤᠯᠴᠢᠯᠠᠯ ᠤᠨ ᠰᠤᠶᠤᠯ ᠤᠷᠠᠯᠢᠭ ᠤᠨ ᠨᠠᠶᠢᠷ ᠢ | ᠠᠮᠵᠢᠯᠳᠠ ᠲᠠᠢ ᠡᠷᠬᠢᠯᠡᠪᠡ᠃ ᠪᠦᠬᠦ ᠵᠢᠯ ᠳᠤ᠂ ᠵᠢᠭᠤᠯᠴᠢᠯᠠᠭᠰᠠᠳ ᠢ 70 ᠲᠦᠮᠡᠨ ᠬᠦᠮᠦᠨ ᠤᠳᠠᠭ᠎ᠠ ᠤᠭᠳᠤᠨ | ᠵᠤᠴᠢᠯᠠᠵᠤ᠂ ᠵᠢᠭᠤᠯᠴᠢᠯᠠᠯ ᠤᠨ ᠶᠡᠷᠦᠩᠬᠡᠢ ᠤᠷᠤᠯᠭ᠎ᠠ ᠶᠢ 4.1 ᠳ᠋ᠦᠩᠰᠢᠭᠤᠷ ᠳᠦᠬᠦᠷᠢᠭ ᠪᠡᠶᠡᠯᠡᠬᠦᠯᠪᠡ᠃ ᠪᠦᠬᠦ | ᠠᠶᠢᠮᠠᠭ ᠤᠨ ᠳᠡᠷᠢᠬᠦᠨ ᠡᠷᠦᠬᠡ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠠᠵᠤ ᠦᠢᠯᠡᠰ ᠤᠨ ᠳᠤᠭᠤᠷᠢᠭ ᠢ | ᠡᠬᠢᠯᠡᠬᠦᠯᠦᠨ ᠠᠵᠢᠯᠯᠠᠭᠤᠯᠵᠤ᠂ ︽ᠳᠠᠯ᠎ᠠ ᠨᠤᠳᠤᠭ ᠤᠨ ᠭᠡᠷᠡᠭᠰᠡᠯ ᠰᠢᠯᠢᠯᠲᠡ︾ ᠭᠤᠷᠪᠠᠳᠤᠭᠠᠷ ᠪᠦᠯᠦᠭ ᠤᠨ ᠤᠯᠤᠰ | ᠤᠨ ᠳᠡᠰ ᠤᠨ ᠤᠯᠠᠨ ᠢᠶᠠᠷ ᠢᠶᠠᠨ ᠦᠢᠯᠡᠰ ᠪᠤᠰᠬᠠᠬᠤ ᠤᠷᠤᠨ ᠵᠠᠢ ᠳᠤ ᠰᠤᠩᠭᠤᠭᠳᠠᠪᠠ᠃ ᠨᠡᠶᠢᠲᠡ ᠶᠢᠨ ᠦᠮᠴᠢᠯᠡᠯ | ᠤᠨ ᠪᠤᠰᠤ ᠠᠵᠤ ᠠᠬᠤᠢ ᠳᠤᠭᠳᠠᠭᠤᠨ ᠡᠷᠡᠬᠦᠯ ᠴᠢᠬᠢᠷᠠᠭ ᠢᠶᠠᠷ ᠬᠦᠭᠵᠢᠵᠤ᠂ ᠭᠠᠵᠠᠷ ᠤᠷᠤᠨ ᠤ ᠦᠢᠯᠡᠳᠪᠦᠷᠢᠯᠡᠯ | ᠤᠨ ᠶᠡᠷᠦᠩᠬᠡᠢ ᠦᠷᠳᠡᠭ ᠤᠨ ᠡᠵᠡᠯᠡᠬᠦ ᠬᠠᠷᠢᠴᠠᠯ 42% ᠪᠤᠯᠪᠠ᠃ | ︵ᠬᠤᠶᠠᠷ︶ ᠰᠠᠭᠤᠷᠢ ᠪᠠᠨ ᠴᠢᠩᠭᠠᠷᠠᠭᠤᠯᠤᠨ᠂ ᠬᠦᠷᠦᠯᠴᠡᠬᠦ ᠦᠬᠡᠢ ᠪᠠᠨ ᠨᠦᠬᠦᠪᠦᠷᠢᠯᠡᠬᠦ ᠶᠢ ᠬᠦᠴᠦᠯᠡᠨ | ᠠᠬᠢᠭᠤᠯᠵᠤ᠂ ᠬᠤᠳᠠ ᠬᠦᠳᠡᠭᠡ ᠶᠢᠨ ᠳᠦᠷᠢ ᠳᠦᠷᠬᠦ ᠤᠯᠠᠮ ᠨᠢᠬᠡ ᠠᠯᠬᠤᠮ ᠬᠤᠪᠢᠷᠠᠪᠠ᠃ ᠬᠤᠳᠠ ᠬᠦᠳᠡᠭᠡ ᠶᠢᠨ | ᠰᠠᠭᠤᠷᠢ ᠳᠦᠬᠦᠭᠡᠷᠦᠮᠵᠢ ᠶᠢᠨ ᠴᠢᠳᠠᠪᠬᠢ ᠶᠢ ᠳᠡᠬᠦᠯᠳᠡᠷᠵᠢᠬᠦᠯᠬᠦ ᠶᠢ ᠨᠡᠩ ᠳᠤᠪᠤᠶᠢᠮ᠎ᠠ ᠪᠠᠶᠢᠷᠢᠨ ᠳᠤ ᠳᠠᠯᠪᠢᠵᠤ᠂ | ᠶᠠᠰᠤ ᠴᠢᠨᠠᠷᠲᠦ ᠬᠤᠳᠠ ᠪᠠᠯᠭᠠᠰᠤ ᠪᠠ ᠦᠵᠡᠰᠬᠦᠯᠡᠩᠲᠦ ᠰᠠᠶᠢᠬᠠᠨ ᠰᠢᠶᠠᠩ ᠳᠤᠰᠬᠤᠨ ᠤ ᠪᠦᠲᠦᠭᠡᠨ ᠪᠠᠶᠢᠭᠤᠯᠤᠯᠳᠠ | ᠶᠢ ᠳᠦᠷᠭᠡᠳᠭᠡᠨ ᠠᠬᠢᠭᠤᠯᠵᠤ᠂ ᠤᠯᠠᠨ ᠨᠡᠶᠢᠲᠡ ᠶᠢᠨ ᠦᠢᠯᠡᠴᠢᠯᠡᠬᠡᠨ ᠤ ᠴᠢᠳᠠᠪᠬᠢ ᠪᠦᠬᠦ ᠳᠠᠯ᠎ᠠ ᠪᠠᠷ ᠳᠡᠭᠡᠭᠰᠢᠯᠡᠪᠡ᠃ | ᠬᠤᠳᠠ ᠪᠠᠯᠭᠠᠰᠤᠨ ᠤ ᠶᠡᠷᠦᠩᠬᠡᠶᠢᠯᠡᠭᠰᠡᠨ ᠳᠠᠭᠠᠭᠠᠴᠠ ᠶᠢᠨ ᠴᠢᠳᠠᠪᠦᠷᠢ ᠳᠡᠭᠡᠭᠰᠢᠯᠡᠯᠲᠡ ᠲᠠᠢ ᠪᠤᠯᠪᠠ᠃ ᠵᠠᠮ | ᠱᠤᠭᠤᠮ᠂ ᠤᠰᠤ ᠬᠠᠩᠭᠠᠬᠤ ᠭᠠᠳᠠᠭᠰᠢᠯᠠᠭᠤᠯᠬᠤ᠂ ᠬᠤᠭ ᠨᠤᠪᠰᠢ ᠶᠢ ᠴᠡᠪᠡᠷᠰᠢᠬᠦᠯᠬᠦ᠂ ᠪᠠᠷᠢᠯᠭ᠎ᠠ ᠶᠢᠨ ᠡᠨᠧᠷᠬᠢ ᠶᠢ | ᠠᠷᠪᠢᠯᠠᠨ ᠦᠭᠡᠷᠡᠴᠢᠯᠡᠨ ᠪᠠᠶᠢᠭᠤᠯᠬᠤ ᠵᠡᠷᠭᠡ ᠬᠤᠳᠠ ᠪᠠᠯᠭᠠᠰᠤᠨ ᠤ ᠰᠠᠭᠤᠷᠢ ᠳᠦᠬᠦᠭᠡᠷᠦᠮᠵᠢ ᠶᠢᠨ ᠳᠦᠷᠦᠯ ᠵᠦᠢᠯ | ᠢ 13 ᠭᠡᠷᠡᠭᠵᠢᠬᠦᠯᠪᠡ᠃ ᠭᠤᠤᠯ ᠤᠷᠤᠵᠤ ᠭᠠᠷᠬᠤ ᠬᠡᠰᠡᠭ ᠤᠨ ᠨᠤᠭᠤᠭᠠᠷᠠᠭᠤᠯᠤᠯᠳᠠ᠂ ᠭᠤᠶᠤᠵᠢᠭᠤᠯᠤᠯᠳᠠ ᠶᠢ | ᠪᠡᠶᠡᠯᠡᠬᠦᠯᠵᠤ᠂ ᠬᠤᠳᠠ ᠪᠠᠯᠭᠠᠰᠤᠨ ᠤ ᠬᠦᠮᠦᠨ ᠰᠠᠭᠤᠴᠠ ᠶᠢᠨ ᠤᠷᠴᠢᠨ ᠳᠤᠭᠤᠷᠢᠨ ᠢᠯᠡᠷᠬᠡᠢ ᠰᠠᠶᠢᠵᠢᠷᠠᠪᠠ᠃ 71. | 58 ᠲᠦᠮᠡᠨ ᠳᠡᠭᠰᠢ ᠳᠦᠷᠪᠡᠯᠵᠢᠨ ᠮᠧᠲᠷ ᠤᠨ ᠬᠠᠭᠤᠴᠢᠨ ᠪᠠᠭ᠎ᠠ ᠳᠤᠭᠤᠷᠢᠭ ᠢ ᠦᠭᠡᠷᠡᠴᠢᠯᠡᠨ ᠪᠠᠶᠢᠭᠤᠯᠬᠤ | ᠳᠦᠷᠦᠯ ᠵᠦᠢᠯ ᠢ ᠡᠬᠢᠯᠡᠬᠦᠯᠦᠨ ᠭᠡᠷᠡᠭᠵᠢᠬᠦᠯᠪᠡ᠃ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠭᠡᠷᠡᠭᠵᠢᠬᠦᠯᠬᠦ | ᠳᠤᠪᠴᠢᠶ᠎ᠠ ᠶᠢ ᠪᠠᠶᠢᠭᠤᠯᠵᠤ᠂ ᠬᠤᠳᠠ ᠶᠢᠨ ᠬᠠᠮᠢᠶᠠᠷᠤᠯᠳᠠ ᠶᠢᠨ ᠠᠵᠢᠯ ᠴᠢᠩᠭᠠᠷᠠᠪᠠ᠃ ᠮᠠᠯᠵᠢᠬᠤ ᠳᠠᠷᠢᠶᠠᠯᠠᠬᠤ | ᠤᠷᠤᠨ ᠤ ᠤᠯᠠᠨ ᠨᠡᠶᠢᠲᠡ ᠶᠢᠨ ᠦᠢᠯᠡᠴᠢᠯᠡᠬᠡᠨ ᠤ ᠬᠢᠷᠢ ᠲᠦᠪᠰᠢᠨ ᠳᠡᠭᠡᠭᠰᠢᠯᠡᠯᠲᠡ ᠲᠠᠢ ᠪᠤᠯᠪᠠ᠃ ᠭᠤᠷᠪᠠᠨ ᠵᠢᠯ | ᠳᠤ ᠨᠡᠶᠢᠲᠡ 32 ᠳ᠋ᠦᠩᠰᠢᠭᠤᠷ ᠳᠦᠬᠦᠷᠢᠭ ᠤᠨ ᠪᠡᠯᠡ ᠵᠠᠷᠤᠴᠠᠭᠤᠯᠵᠤ᠂ ᠪᠦᠬᠦ ᠬᠤᠰᠢᠭᠤᠨ ᠤ 381 ᠭᠠᠴᠠᠭ᠎ᠠ | ᠠᠶᠢᠯ ︵ᠳᠠᠯᠠᠪᠤᠷ︶ ᠤᠨ ︽ᠠᠷᠪᠠ ᠶᠢ ᠪᠦᠷᠬᠦᠬᠦᠯᠬᠦ︾ ᠪᠦᠲᠦᠭᠡᠨ ᠪᠠᠶᠢᠭᠤᠯᠤᠯᠳᠠ ᠶᠢᠨ ᠡᠬᠦᠷᠭᠡ ᠶᠢ ᠦᠨᠳᠦᠰᠦᠨ | ᠳᠤ ᠪᠠᠨ ᠪᠡᠶᠡᠯᠡᠬᠦᠯᠵᠤ᠂ ᠨᠤᠷᠠᠬᠤ ᠠᠶᠤᠯᠳᠠᠢ ᠭᠡᠷ ᠪᠠᠶᠢᠰᠢᠩ ᠢ 3.55 ᠲᠦᠮᠡᠨ ᠡᠷᠦᠬᠡ ᠦᠭᠡᠷᠡᠴᠢᠯᠡᠨ ᠵᠠᠰᠠᠵᠤ᠂ | 4.88 ᠲᠦᠮᠡᠨ ᠬᠦᠮᠦᠨ ᠤ ᠤᠤᠭᠤᠬᠤ ᠤᠰᠤᠨ ᠤ ᠠᠮᠤᠷ ᠲᠦᠪᠰᠢᠨ ᠤ ᠠᠰᠠᠭᠤᠳᠠᠯ ᠢ ᠰᠢᠢᠳᠪᠦᠷᠢᠯᠡᠵᠤ᠂ ᠵᠠᠮ | ᠵᠡᠬᠡᠯᠢ ᠶᠢ 1249 ᠺᠢᠯᠤᠮᠧᠲᠷ ᠬᠠᠳᠠᠭᠤᠷᠠᠭᠤᠯᠵᠤ᠂ ᠮᠠᠯᠵᠢᠬᠤ ᠳᠠᠷᠢᠶᠠᠯᠠᠬᠤ ᠤᠷᠤᠨ ᠤ ᠴᠠᠬᠢᠯᠭᠠᠨ ᠳᠤᠤᠷ ᠢ 486 | ᠺᠢᠯᠤᠮᠧᠲᠷ ᠦᠬᠡᠷᠡᠴᠢᠯᠡᠨ ᠵᠠᠰᠠᠵᠤ᠂ ᠰᠤᠷᠭᠠᠭᠤᠯᠢ 47 ᠰᠠᠭᠤᠷᠢ᠂ ᠪᠠᠷᠢᠮᠵᠢᠶᠠᠵᠢᠭᠰᠠᠨ ᠡᠷᠡᠬᠦᠯ ᠬᠠᠮᠠᠭᠠᠯᠠᠯ ᠤᠨ | ᠳᠠᠰᠤᠭ ᠢ 107 ᠰᠠᠭᠤᠷᠢ ᠰᠢᠨ᠎ᠡ ᠪᠠᠷ ᠪᠠᠶᠢᠭᠤᠯᠵᠤ᠂ ᠡᠷᠦᠬᠡ ᠪᠦᠷᠢ ᠳᠤ ᠨᠡᠪᠳᠡᠷᠡᠬᠦ ᠷᠠᠳᠢᠣ᠋ ᠲᠧᠯᠸᠢᠰ ᠤᠨ | ᠳᠦᠬᠦᠭᠡᠷᠦᠮᠵᠢ ᠶᠢ 4 ᠲᠦᠮᠡᠨ ᠢᠵᠢ ᠳᠠᠷᠬᠠᠭᠠᠵᠤ᠂ 155 ᠰᠤᠶᠤᠯ ᠤᠨ ᠠᠵᠢᠯᠯᠠᠭᠠᠨ ᠤ ᠳᠠᠰᠤᠭ ᠤᠨ ᠭᠡᠷᠡᠭᠰᠡᠯ | ᠳᠦᠬᠦᠭᠡᠷᠦᠮᠵᠢ ᠶᠢ ᠪᠡᠶᠡᠯᠡᠬᠦᠯᠵᠤ᠂ ᠠᠷᠠᠳ ᠲᠤ ᠳᠦᠬᠦᠮ ᠦᠵᠡᠬᠦᠯᠬᠦ ᠬᠤᠯᠪᠤᠭᠠᠯᠠᠭᠰᠠᠨ ᠴᠢᠯᠦᠬᠡᠲᠦ ᠳᠡᠯᠭᠡᠬᠦᠷ ᠢ | 90 ᠰᠢᠨ᠎ᠡ ᠪᠠᠷ ᠪᠠᠶᠢᠭᠤᠯᠵᠤ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ ᠪᠠ | ᠨᠠᠰᠤᠨ ᠰᠡᠬᠦᠳᠡᠷ ᠦᠨᠳᠦᠷ ᠨᠠᠰᠤᠳᠠᠶᠢᠴᠤᠳ ᠤᠨ ᠨᠦᠬᠦᠪᠦᠷᠢ ᠵᠤᠭᠤᠰ ᠤᠨ ᠪᠠᠶᠢᠪᠠᠯ ᠵᠤᠬᠢᠬᠤ ᠪᠠᠳᠤᠯᠠᠭ᠎ᠠ ᠶᠢᠨ | ᠪᠦᠷᠢᠨ ᠪᠠᠶᠢᠬᠤ ᠶᠢ ᠪᠡᠶᠡᠯᠡᠬᠦᠯᠪᠡ᠃ ᠰᠠᠭᠤᠷᠢ ᠳᠦᠬᠦᠭᠡᠷᠦᠮᠵᠢ ᠳᠡᠬᠦᠯᠳᠡᠷᠵᠢᠪᠡ᠃ ᠬᠦᠳᠡᠭᠡ ᠳᠤᠰᠬᠤᠨ ᠤ ᠵᠠᠰᠠᠮᠠᠯ | ᠵᠠᠮ ᠢ 400 ᠺᠢᠯᠤᠮᠧᠲᠷ ᠵᠠᠰᠠᠪᠠ᠃ 3 ᠵᠤᠷᠪᠤᠰ ᠤᠯᠤᠰ ᠮᠤᠵᠢ ᠶᠢᠨ ᠵᠠᠰᠠᠮᠠᠯ ᠵᠠᠮ ᠢ ᠭᠡᠷᠡᠭᠵᠢᠬᠦᠯᠵᠤ᠂ 1 | ᠵᠤᠷᠪᠤᠰ ᠤᠨ ᠠᠵᠢᠯ ᠢ ᠳᠠᠭᠤᠰᠬᠠᠵᠤ᠂ 70.5 ᠺᠢᠯᠤᠮᠧᠲᠷ ᠰᠢᠨ᠎ᠡ ᠪᠠᠷ ᠨᠡᠮᠡᠭᠳᠡᠪᠡ᠃ ᠪᠠᠭ᠎ᠠ ᠬᠡᠯᠪᠡᠷᠢ ᠶᠢᠨ | ᠳᠠᠷᠢᠶᠠᠯᠠᠩ ᠤᠨ ᠤᠰᠤᠨ ᠠᠰᠢᠭᠯᠠᠯᠳᠠ ᠶᠢᠨ ᠮᠠᠯᠵᠢᠬᠤ ᠤᠷᠤᠨ ᠤ ᠭᠤᠤᠯᠳᠠᠯᠭ᠎ᠠ ᠲᠠᠢ ᠰᠢᠶᠠᠨ᠂ ᠤᠰᠤ ᠠᠷᠪᠢᠯᠠᠨ | ᠤᠨᠠᠯᠳᠠ ᠶᠢ ᠨᠡᠮᠡᠭᠳᠡᠬᠦᠯᠬᠦ ᠠᠵᠢᠯᠯᠠᠭᠠᠨ ᠵᠡᠷᠭᠡ ᠪᠦᠲᠦᠭᠡᠨ ᠪᠠᠶᠢᠭᠤᠯᠤᠯᠳᠠ ᠶᠢᠨ ᠳᠦᠷᠦᠯ ᠵᠦᠢᠯ ᠤᠨ ᠠᠵᠢᠯ ᠢ | ᠳᠠᠭᠤᠰᠬᠠᠪᠠ᠃ ᠲᠦᠩᠯᠢᠶᠤᠤ ᠠᠴᠠ ᠬᠤᠤᠯᠢᠩᠭᠤᠤᠯ ᠬᠦᠷᠬᠦ ᠳᠡᠮᠦᠷ ᠵᠠᠮ ᠢ ᠴᠠᠬᠢᠯᠭᠠᠨᠵᠢᠭᠤᠯᠬᠤ ᠢᠨᠵᠧᠨᠧᠷᠢᠩ᠂ | ᠪᠠᠷᠠᠭᠤᠨ ᠵᠢᠷᠢᠮ ᠤᠨ ᠬᠦᠴᠦᠳᠡᠯ ᠬᠤᠪᠢᠷᠠᠭᠤᠯᠬᠤ ᠦᠷᠳᠡᠭᠡ ᠠᠵᠢᠯ ᠢᠶᠠᠨ ᠳᠠᠭᠤᠰᠬᠠᠪᠠ᠃ 10 ᠺᠢᠯᠤᠸᠠᠯᠲ ᠵᠢᠴᠢ | ᠳᠤᠷᠤᠭᠰᠢᠬᠢ ᠴᠠᠬᠢᠯᠭᠠᠨ ᠬᠦᠴᠦᠨ ᠤ ᠢᠨᠵᠧᠨᠧᠷᠢᠩ ᠢ 26 ᠭᠡᠷᠡᠭᠵᠢᠬᠦᠯᠵᠤ᠂ ᠮᠠᠯᠵᠢᠬᠤ ᠳᠠᠷᠢᠶᠠᠯᠠᠬᠤ ᠤᠷᠤᠨ ᠤ | ᠴᠠᠬᠢᠯᠭᠠᠨ ᠤ ᠳᠤᠤᠷ ᠤᠨ ᠴᠠᠬᠢᠯᠭᠠᠨ ᠬᠠᠩᠭᠠᠬᠤ ᠴᠢᠳᠠᠪᠦᠷᠢ ᠪᠠ ᠶᠠᠰᠤ ᠴᠢᠨᠠᠷ ᠢ ᠳᠡᠭᠡᠭᠰᠢᠯᠡᠬᠦᠯᠪᠡ᠃ ᠠᠮᠢ ᠠᠬᠤᠢ | ᠶᠢᠨ ᠪᠦᠲᠦᠭᠡᠨ ᠪᠠᠶᠢᠭᠤᠯᠤᠯᠳᠠ ᠶᠢ ᠴᠢᠩᠭᠠᠳᠬᠠᠪᠠ᠃ ︽ᠪᠡᠯᠴᠢᠬᠡᠷᠯᠡᠬᠦᠯᠬᠦ ᠶᠢ ᠴᠠᠭᠠᠵᠠᠯᠠᠬᠤ᠂ ᠠᠳᠠᠷ | ᠬᠠᠭᠠᠯᠪᠦᠷᠢᠯᠠᠬᠤ ᠶᠢ ᠴᠠᠭᠠᠵᠠᠯᠠᠬᠤ᠂ ᠮᠤᠳᠤ ᠤᠭᠳᠤᠯᠬᠤ ᠶᠢ ᠴᠠᠭᠠᠵᠠᠯᠠᠬᠤ︾ ᠠᠵᠢᠯ ᠢ ᠪᠦᠬᠦ ᠳᠠᠯ᠎ᠠ ᠪᠠᠷ | ᠠᠬᠢᠭᠤᠯᠵᠤ᠂ ᠰᠢᠨ᠎ᠡ ᠨᠢᠬᠡᠨ ᠡᠬᠡᠯᠵᠢ ᠶᠢᠨ ᠨᠤᠳᠤᠭ ᠪᠡᠯᠴᠢᠭᠡᠷ ᠤᠨ ᠠᠮᠢ ᠠᠬᠤᠢ ᠶᠢᠨ ᠱᠠᠩᠨᠠᠨ ᠨᠦᠬᠦᠪᠦᠷᠢᠯᠡᠬᠦ | ᠳᠤᠭᠳᠠᠴᠠ ᠶᠢ ᠡᠬᠢᠯᠡᠬᠦᠯᠦᠨ ᠬᠡᠷᠡᠭᠵᠢᠬᠦᠯᠪᠡ᠃ ᠬᠤᠪᠢᠷᠠᠯᠳᠠ ᠦᠬᠡᠢ ᠦᠨᠳᠦᠰᠦᠨ ᠳᠠᠷᠢᠶᠠᠨ ᠭᠠᠵᠠᠷ ᠢ 264 | ᠲᠦᠮᠡᠨ ᠮᠤ᠋ ᠢᠯᠭᠠᠨ ᠳᠤᠭᠳᠠᠭᠠᠪᠠ᠃ ᠤᠶᠢᠵᠢᠭᠤᠯᠤᠯᠳᠠ ᠨᠤᠭᠤᠭᠠᠷᠠᠭᠤᠯᠤᠯᠳᠠ ᠶᠢ 27.04 ᠲᠦᠮᠡᠨ ᠮᠤ᠋ | ᠪᠡᠶᠡᠯᠡᠬᠦᠯᠪᠡ᠃ ᠬᠤᠷᠴᠢᠨ ᠤ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ︽ᠦᠪᠡᠷᠲᠡᠭᠡᠨ | ᠵᠠᠰᠠᠬᠤ ᠤᠷᠤᠨ ᠤ ᠳᠡᠰ ᠤᠨ ᠤᠷᠴᠢᠨ ᠳᠤᠭᠤᠷᠢᠨ ᠢ ᠬᠠᠮᠠᠭᠠᠯᠠᠬᠤ ᠰᠤᠷᠭᠠᠨ ᠬᠦᠮᠦᠵᠢᠯ ᠤᠨ ᠰᠠᠭᠤᠷᠢᠨ︾ ᠢᠶᠠᠷ | ᠨᠡᠷᠡᠶᠢᠳᠦᠭᠳᠡᠪᠡ᠃ ᠨᠠᠮ ᠤᠨ ᠳᠦᠪ ᠬᠤᠷᠢᠶᠠᠨ ᠤ ᠤᠷᠴᠢᠨ ᠳᠤᠭᠤᠷᠢᠨ ᠢ ᠬᠠᠮᠠᠭᠠᠯᠠᠬᠤ ᠰᠢᠮᠳᠠᠭᠤᠯᠤᠨ ᠵᠢᠯᠤᠭᠤᠳᠬᠤ | ᠳᠤᠭᠤᠶᠢᠯᠠᠩ ᠤᠨ ᠮᠠᠨ ᠤ ᠬᠤᠰᠢᠭᠤᠨ ᠳᠤ ᠳᠤᠰᠢᠶᠠᠨ ᠡᠷᠬᠢᠯᠡᠬᠦᠯᠦᠭᠰᠡᠨ 23 ᠬᠤᠪᠢ ᠵᠠᠬᠢᠳᠠᠯ ᠰᠤᠷᠪᠤᠯᠵᠢᠯᠠᠯ ᠤᠨ | ᠶᠠᠪᠤᠳᠠᠯ ᠢ ᠪᠦᠬᠦᠨ ᠢ ᠡᠷᠬᠢᠯᠡᠵᠤ ᠳᠠᠭᠤᠰᠬᠠᠪᠠ᠃ 29 ᠡᠷᠦᠬᠡ ᠪᠤᠬᠢᠷᠳᠤᠯ ᠭᠠᠳᠠᠭᠰᠢᠯᠠᠭᠤᠯᠬᠤ ᠠᠵᠤ ᠠᠬᠤᠶᠢᠯᠠᠯ | ᠤᠨ ︽ᠨᠢᠭᠡ ᠠᠵᠤ ᠠᠬᠤᠶᠢᠯᠠᠯ ᠨᠢᠬᠡ ᠳᠠᠩᠰᠠ ᠡᠪᠬᠡᠮᠡᠯ︾ ᠤᠨ ᠠᠵᠢᠯ ᠢ ᠪᠡᠶᠡᠯᠡᠬᠦᠯᠪᠡ᠃ ᠮᠠᠯᠵᠢᠬᠤ ᠳᠠᠷᠢᠶᠠᠯᠠᠬᠤ | ᠤᠷᠤᠨ ᠤ ᠤᠷᠴᠢᠨ ᠳᠤᠭᠤᠷᠢᠨ ᠢ ᠶᠡᠷᠦᠩᠬᠡᠶᠢᠯᠡᠨ ᠵᠠᠰᠠᠬᠤ ᠶᠢ ᠴᠢᠩᠭᠠᠷᠠᠭᠤᠯᠵᠤ᠂ 20 ᠭᠠᠴᠠᠭ᠎ᠠ ᠳᠤ ᠬᠤᠭ | ᠨᠤᠪᠰᠢ ᠶᠢ ᠠᠷᠢᠯᠭᠠᠨ ᠵᠦᠬᠡᠬᠡᠪᠦᠷᠢᠯᠡᠬᠦ ᠳᠦᠬᠦᠬᠡᠷᠦᠮᠵᠢ ᠶᠢ ᠨᠡᠮᠡᠪᠡ᠃ | ︵ᠭᠤᠷᠪᠠ︶ ᠠᠷᠠᠳ ᠤᠨ ᠠᠮᠢᠳᠤᠷᠠᠯ ᠢ ᠪᠠᠳᠤᠯᠠᠨ᠂ ᠢᠷᠤᠭᠠᠷ ᠱᠤᠭᠤᠮ ᠢ ᠠᠳᠬᠤᠬᠤ ᠶᠢ ᠬᠦᠴᠦᠯᠡᠨ | ᠠᠬᠢᠭᠤᠯᠵᠤ᠂ ᠨᠡᠶᠢᠬᠡᠮ ᠤᠨ ᠪᠠᠳᠤᠯᠠᠭ᠎ᠠ ᠤᠯᠠᠮ ᠨᠢᠬᠡ ᠠᠯᠬᠤᠮ ᠴᠢᠩᠭᠠᠳᠪᠠ᠃ ᠠᠷᠠᠳ ᠤᠨ ᠠᠮᠢᠳᠤᠷᠠᠯ ᠢ | ᠳᠡᠷᠢᠬᠦᠨ ᠳᠤ ᠳᠠᠯᠪᠢᠵᠤ᠂ ᠠᠷᠠᠳ ᠤᠨ ᠠᠮᠢᠳᠤᠷᠠᠯ ᠢᠶᠠᠷ ᠭᠤᠤᠯ ᠪᠤᠯᠭᠠᠨ᠂ ᠠᠷᠠᠳ ᠤᠨ ᠠᠮᠢᠳᠤᠷᠠᠯ ᠢᠶᠠᠷ | ᠦᠨᠳᠦᠰᠦ ᠪᠤᠯᠭᠠᠬᠤ ᠤᠶᠢᠯᠠᠭᠠᠭᠳᠠᠬᠤᠨ ᠢ ᠢᠮᠠᠬᠳᠠ ᠪᠠᠷᠢᠮᠳᠠᠯᠠᠵᠤ᠂ ᠬᠦᠭᠵᠢᠯᠲᠡ ᠶᠢᠨ ᠦᠷ᠎ᠡ ᠪᠦᠲᠦᠭᠡᠯ ᠢ ᠨᠡᠩ | ᠤᠯᠠᠨ ᠢᠶᠠᠷ ᠤᠯᠠᠨ ᠲᠦᠮᠡᠨ ᠳᠤ ᠠᠰᠢᠭ ᠬᠦᠷᠳᠡᠭᠡᠪᠡ᠃ ᠪᠦᠬᠦ ᠵᠢᠯ ᠳᠤ ᠠᠷᠠᠳ ᠤᠨ ᠠᠮᠢᠳᠤᠷᠠᠯ ᠤᠨ ᠬᠦᠷᠢᠶ᠎ᠡ | ᠴᠠᠷᠠᠭ᠎ᠠ ᠳᠤ ᠭᠡᠷᠡᠭᠯᠡᠭᠰᠡᠨ ᠪᠡᠯᠡ ᠤᠷᠤᠭᠤᠯᠤᠯᠳᠠ 22 ᠳ᠋ᠦᠩᠰᠢᠭᠤᠷ ᠳᠦᠬᠦᠷᠢᠭ ᠲᠤ ᠬᠦᠷᠴᠦ᠂ ᠡᠳ᠋ ᠤᠨ ᠵᠠᠰᠠᠭ | ᠤᠨ ᠳᠦᠰᠦᠪ ᠤᠨ ᠵᠠᠷᠤᠳᠠᠯ ᠤᠨ 76.6% ᠶᠢ ᠡᠵᠡᠯᠡᠪᠡ᠃ ᠶᠠᠳᠠᠭᠤ ᠠᠴᠠ ᠠᠩᠵᠢᠷᠠᠭᠤᠯᠬᠤ ᠪᠠᠬᠢᠯᠡᠯᠲᠡ | ᠰᠢᠪᠳᠤᠯᠬᠤ ᠶᠢ ᠪᠦᠬᠦ ᠬᠦᠴᠦᠨ ᠢᠶᠠᠷ ᠠᠬᠢᠭᠤᠯᠪᠠ᠃ ︽ᠠᠵᠤ ᠦᠢᠯᠡᠰ ᠢᠶᠠᠷ ᠤᠨᠢᠨ ᠳᠡᠭᠡᠷ᠎ᠡ ᠨᠢ ᠶᠠᠳᠠᠭᠤ ᠶᠢ | ᠳᠡᠳᠬᠦᠬᠦ ᠭᠡᠷᠡᠭᠵᠢᠬᠦᠯᠬᠦ ᠰᠠᠨᠠᠯ︾ ᠵᠡᠷᠭᠡ ᠵᠢᠯᠤᠭᠤᠳᠬᠤ ᠴᠢᠨᠠᠷ ᠲᠠᠢ ᠪᠢᠴᠢᠭ ᠮᠠᠲ᠋ᠧᠷᠢᠶᠠᠯ ᠢ ᠭᠠᠷᠭᠠᠵᠤ᠂ ᠪᠦᠬᠦ | ᠨᠡᠶᠢᠬᠡᠮ ᠤᠨ ᠶᠠᠳᠠᠭᠤ ᠶᠢ ᠳᠡᠳᠬᠦᠬᠦ ᠳᠤ ᠵᠠᠷᠤᠴᠠᠭᠤᠯᠤᠭᠰᠠᠨ ᠪᠡᠯᠡ ᠮᠦᠩᠬᠦ 6.63 ᠳ᠋ᠦᠩᠰᠢᠭᠤᠷ ᠳᠦᠬᠦᠷᠢᠭ | ᠪᠠᠶᠢᠵᠤ᠂ 1490 ᠡᠷᠦᠬᠡ ᠶᠢᠨ 3876 ᠬᠦᠮᠦᠨ ᠠᠮ᠊ ᠶᠢ ᠳᠤᠭᠳᠠᠭᠤᠨ ᠢᠶᠠᠷ ᠶᠠᠳᠠᠭᠤ ᠠᠴᠠ ᠠᠩᠵᠢᠷᠠᠭᠤᠯᠵᠤ᠂ | 26 ᠶᠠᠳᠠᠭᠤ ᠬᠦᠴᠢᠷᠳᠡᠯᠲᠡᠢ ᠭᠠᠴᠠᠭ᠎ᠠ ᠶᠠᠳᠠᠭᠤ ᠠᠴᠠ ᠠᠩᠵᠢᠷᠠᠨ᠂ ᠵᠢᠯ ᠤᠨ ᠶᠠᠳᠠᠭᠤ ᠠᠴᠠ ᠠᠩᠵᠢᠷᠠᠭᠤᠯᠬᠤ | ᠡᠬᠦᠷᠭᠡ ᠶᠢᠨ 136% ᠶᠢ ᠪᠡᠶᠡᠯᠡᠬᠦᠯᠵᠤ᠂ ᠶᠠᠳᠠᠭᠤ ᠬᠦᠴᠢᠷᠳᠡᠯ ᠡᠬᠦᠰᠬᠦ ᠨᠤᠷᠮ ᠶᠢ 2.2 ᠵᠠᠭᠤᠨ ᠤ ᠬᠤᠪᠢ ᠶᠢᠨ | ᠴᠡᠭ ᠢᠶᠠᠷ ᠪᠠᠭᠤᠷᠠᠭᠤᠯᠪᠠ᠃ ᠠᠷᠠᠳ ᠤᠨ ᠠᠮᠢᠳᠤᠷᠠᠯ ᠤᠨ ᠪᠠᠳᠤᠯᠠᠭ᠎ᠠ ᠨᠡᠩ ᠬᠦᠴᠦᠨ ᠲᠠᠢ ᠪᠤᠯᠪᠠ᠃ ︽ᠭᠤᠷᠪᠠᠨ | ᠨᠢᠬᠡ︾ ᠶᠢᠨ ᠠᠷᠠᠳ ᠤᠨ ᠠᠮᠢᠳᠤᠷᠠᠯ ᠤᠨ ᠪᠤᠳᠠᠳᠤ ᠶᠠᠪᠤᠳᠠᠯ 5.27 ᠲᠦᠮᠡᠨ ᠡᠷᠦᠬᠡ ᠶᠢᠨ ᠮᠠᠯᠴᠢᠨ ᠳᠠᠷᠢᠶᠠᠴᠢᠨ | ᠪᠠ 296 ᠨᠡᠷᠡᠰ ᠶᠠᠳᠠᠭᠤ ᠬᠦᠴᠢᠷᠳᠡᠯ ᠲᠠᠢ ᠤᠶᠤᠳᠠᠨ ᠳᠤ ᠠᠰᠢᠭ ᠬᠦᠷᠳᠡᠭᠡᠪᠡ᠃ ᠬᠤᠳᠠ ᠪᠠᠯᠭᠠᠰᠤᠨ ᠤ ᠰᠢᠨ᠎ᠡ | ᠪᠠᠷ ᠠᠵᠢᠯ ᠤᠯᠭᠤᠭᠰᠠᠨ ᠬᠦᠮᠦᠨ ᠤ ᠳᠤᠭ᠎ᠠ 2100 ᠬᠦᠮᠦᠨ ᠪᠠᠶᠢᠵᠤ᠂ ᠮᠠᠯᠵᠢᠬᠤ ᠳᠠᠷᠢᠶᠠᠯᠠᠬᠤ ᠤᠷᠤᠨ ᠤ 2.5 | ᠲᠦᠮᠡᠨ ᠬᠦᠮᠦᠨ ᠢ ᠰᠢᠯᠵᠢᠬᠦᠯᠦᠨ ᠠᠵᠢᠯ ᠤᠯᠭᠤᠪᠠ᠃ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠨᠠᠰᠤᠵᠢᠯ | ᠤᠨ ᠳᠠᠭᠠᠳᠬᠠᠯ ᠤᠨ ᠬᠠᠷᠠᠭᠠᠯᠵᠠᠯ ᠤᠨ ︽ᠭᠤᠷᠪᠠᠨ ᠵᠢᠯ ᠳᠠᠷᠠᠭᠠᠯᠠᠨ ᠳᠤᠬᠢᠷᠠᠭᠤᠯᠬᠤ ︾ ᠶᠢ ᠪᠡᠶᠡᠯᠡᠬᠦᠯᠵᠤ᠂ | ᠬᠦᠮᠦᠨ ᠳᠤᠮᠳᠠᠴᠢ ᠶᠢᠨ ᠵᠢᠯ ᠤᠨ ᠨᠡᠮᠡᠭᠳᠡᠭᠰᠡᠨ ᠮᠦᠩᠬᠦ 60 ᠳᠦᠬᠦᠷᠢᠭ ᠪᠤᠯᠪᠠ᠃ ᠠᠵᠤ ᠠᠬᠤᠶᠢᠯᠠᠯ ᠤᠨ ᠠᠵᠢᠯ | ᠠᠴᠠ ᠪᠠᠨ ᠠᠮᠠᠷᠠᠭᠰᠠᠨ ᠬᠦᠮᠦᠰ ᠤᠨ ᠨᠠᠰᠤᠵᠢᠯ ᠤᠨ ᠳᠠᠭᠠᠳᠬᠠᠯ ᠤᠨ ᠬᠠᠷᠠᠭᠠᠯᠵᠠᠯ ᠤᠨ ︽ᠠᠷᠪᠠᠨ ᠬᠤᠶᠠᠷ ᠵᠢᠯ | ᠳᠠᠷᠠᠭᠠᠯᠠᠨ ᠳᠤᠬᠢᠷᠠᠭᠤᠯᠬᠤ︾ ᠶᠢ ᠪᠡᠶᠡᠯᠡᠬᠦᠯᠵᠤ᠂ ᠬᠦᠮᠦᠨ ᠳᠤᠮᠳᠠᠴᠢ ᠶᠢᠨ ᠰᠠᠷ᠎ᠠ ᠶᠢᠨ ᠴᠠᠯᠢᠩ 142 ᠳᠦᠬᠦᠷᠢᠭ | ᠨᠡᠮᠡᠭᠳᠡᠪᠡ᠃ ᠬᠤᠳᠠ ᠬᠦᠳᠡᠭᠡ ᠶᠢᠨ ᠶᠠᠳᠠᠭᠤ ᠬᠦᠴᠢᠷᠳᠡᠯ ᠲᠠᠢ ᠬᠦᠮᠦᠰ ᠤᠨ ᠪᠠᠷᠢᠮᠵᠢᠶ᠎ᠠ ᠶᠢ ᠳᠡᠭᠡᠭᠰᠢᠯᠡᠬᠦᠯᠦᠭᠡᠳ | 12% ᠪᠤᠯᠭᠠᠵᠤ᠂ ᠡᠯ᠎ᠡ ᠳᠦᠷᠦᠯ ᠤᠨ ᠪᠠᠳᠤᠯᠠᠭ᠎ᠠ ᠶᠢᠨ ᠮᠦᠩᠬᠦ ᠶᠢ 1 ᠳ᠋ᠦᠩᠰᠢᠭᠤᠷ ᠳᠦᠬᠦᠷᠢᠭ ᠠᠴᠠ ᠳᠡᠭᠡᠭᠰᠢ | ᠳᠠᠷᠬᠠᠭᠠᠪᠠ᠃ ᠪᠠᠳᠤᠯᠠᠭ᠎ᠠ ᠶᠢᠨ ᠴᠢᠨᠠᠷ ᠲᠠᠢ ᠤᠷᠤᠨ ᠰᠠᠭᠤᠴᠠ ᠶᠢ 1134 ᠢᠵᠢ᠂ 5.58 ᠲᠦᠮᠡᠨ ᠳᠡᠭᠰᠢ | ᠳᠦᠷᠪᠡᠯᠵᠢᠨ ᠮᠧᠲᠷ ᠪᠦᠲᠦᠭᠡᠨ ᠪᠠᠶᠢᠭᠤᠯᠪᠠ᠃ ᠨᠠᠰᠤᠳᠠᠶᠢᠴᠤᠳ ᠢ ᠬᠠᠷᠠᠭᠠᠯᠵᠠᠬᠤ ᠳᠦᠷᠦ ᠶᠢᠨ ᠪᠤᠳᠤᠯᠭ᠎ᠠ ᠶᠢ | ᠭᠠᠷᠭᠠᠵᠤ᠂ ᠨᠠᠰᠤᠳᠠᠶᠢᠴᠤᠳ ᠤᠨ ᠠᠵᠤ ᠠᠬᠤᠢ ᠨᠡᠶᠢᠬᠡᠮ ᠤᠨ ᠬᠦᠭᠵᠢᠯᠲᠡ ᠶᠢᠨ ᠦᠷ᠎ᠡ ᠪᠦᠲᠦᠭᠡᠯ ᠢ ᠬᠠᠮᠳᠤ ᠪᠠᠷ | ᠡᠳ᠋ᠯᠡᠬᠦ ᠶᠢ ᠠᠬᠢᠭᠤᠯᠪᠠ᠃ ︽ᠤᠯᠠᠭᠠᠨ ᠵᠠᠭᠠᠶᠢᠯᠮᠠᠶᠢᠳᠠᠨ ᠤ ᠳᠦᠬᠡᠮᠡᠯ ᠬᠠᠶᠢᠷ᠎ᠠ ᠶᠢ ᠲᠦᠮᠡᠨ ᠡᠷᠦᠬᠡ ᠳᠤ ᠬᠦᠷᠭᠡᠬᠦ︾ | ᠠᠵᠢᠯᠯᠠᠭ᠎ᠠ ᠶᠢ ᠦᠷᠨᠢᠬᠦᠯᠵᠤ᠂ ᠪᠦᠬᠦ ᠬᠤᠰᠢᠭᠤᠨ ᠤ 5158 ᠡᠷᠦᠬᠡ ᠶᠢᠨ 1.7 ᠲᠦᠮᠡᠨ ᠬᠤᠳᠠ ᠬᠦᠳᠡᠭᠡ ᠶᠢᠨ | ᠳᠤᠤᠷ᠎ᠠ ᠤᠷᠤᠯᠭ᠎ᠠ ᠲᠠᠢ ᠬᠦᠮᠦᠰ ᠲᠤ ᠠᠰᠢᠭ ᠬᠦᠷᠳᠡᠭᠡᠪᠡ᠃ ᠬᠤᠰᠢᠭᠤᠨ ᠤ ᠵᠡᠮᠳᠡᠭᠴᠤᠳ ᠤᠨ ᠡᠷᠡᠬᠦᠯᠵᠢᠯ ᠤᠨ | ᠳᠦᠪ ᠤᠨ ᠶᠡᠭᠡ ᠠᠰᠠᠷ ᠢ ᠵᠢᠩᠬᠢᠨᠢ ᠪᠠᠷ ᠠᠰᠢᠭᠯᠠᠯᠳᠠ ᠳᠤ ᠤᠷᠤᠭᠤᠯᠪᠠ᠃ ᠨᠡᠶᠢᠬᠡᠮ ᠤᠨ ᠠᠵᠢᠯ ᠦᠢᠯᠡᠰ | ᠵᠤᠬᠢᠴᠠᠩᠭᠤᠢ ᠭᠦᠭᠵᠢᠪᠡ᠃ ᠪᠦᠬᠦ ᠠᠷᠠᠳ ᠤᠨ ᠰᠤᠷᠭᠠᠨ ᠬᠦᠮᠦᠵᠢᠯ ᠢ ᠮᠠᠨᠳᠤᠭᠤᠯᠬᠤ ᠢᠨᠵᠧᠨᠧᠷᠢᠩ ᠢ ᠳᠤᠭᠳᠠᠭᠤᠨ | ᠠᠬᠢᠭᠤᠯᠵᠤ᠂ ᠰᠢᠶᠠᠩ ᠳᠤᠰᠬᠤᠨ ᠤ ᠪᠠᠭᠰᠢᠨᠠᠷ ᠤᠨ ᠠᠮᠢᠳᠤᠷᠠᠯ ᠤᠨ ᠨᠦᠬᠦᠪᠦᠷᠢ ᠶᠢᠨ ᠳᠦᠷᠦ ᠶᠢᠨ ᠪᠤᠳᠤᠯᠭ᠎ᠠ | 1682 ᠨᠡᠷᠡᠰ ᠪᠠᠭᠰᠢ ᠳᠤ ᠠᠰᠢᠭ ᠬᠦᠷᠳᠡᠭᠡᠵᠤ᠂ ᠤᠯᠤᠰ ᠤᠨ ᠰᠢᠯᠭᠠᠯᠳᠠ ᠳᠤ ᠤᠷᠤᠯᠴᠠᠬᠤ ᠦᠶᠡᠰ ᠤᠨ ᠡᠷᠦᠬᠡ | ᠠᠮᠠ ᠶᠢᠨ ᠳᠠᠩᠰᠠ ᠲᠠᠢ ᠭᠠᠵᠠᠷ ᠤᠨ ᠰᠤᠷᠤᠯᠭ᠎ᠠ ᠶᠢ ᠳᠡᠳᠬᠦᠬᠦ ᠵᠢᠬᠡᠯᠡᠯᠭᠡ 3886 ᠨᠡᠷᠡᠰ ᠤᠶᠤᠳᠠᠨ ᠳᠤ ᠠᠰᠢᠭ | ᠬᠦᠷᠳᠡᠭᠡᠪᠡ᠃ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ ᠶᠢᠨ ᠦᠪᠡᠰᠦᠪᠡᠨ ᠰᠤᠳᠤᠯᠤᠨ | ᠪᠦᠲᠦᠭᠡᠭᠰᠡᠨ ︽ᠳᠠᠮᠵᠢᠭᠤᠯᠬᠤ ᠬᠡᠯᠪᠡᠷᠢ ᠶᠢᠨ ᠡᠷᠳᠡᠨᠢ ᠰᠢᠰᠢ ᠶᠢᠨ ᠬᠠᠮᠳᠤᠷᠠᠭᠰᠠᠨ ᠬᠠᠳᠤᠵᠤ ᠬᠤᠷᠢᠶᠠᠬᠤ ᠮᠠᠰᠢᠨ︾ | ᠂ ︽ᠨᠠᠷᠠᠨᠬᠤᠸᠠᠷ ᠤᠨ ᠳᠦᠷᠦᠬᠦᠦ ᠶᠢ ᠬᠠᠳᠤᠬᠤ ᠮᠠᠰᠢᠨ︾ ᠤᠯᠤᠰ ᠤᠨ ᠳᠤᠰᠬᠠᠢ ᠠᠰᠢᠭ ᠢ ᠤᠯᠪᠠ᠃ ᠡᠮ | ᠡᠮᠨᠡᠯᠭᠡ ᠡᠷᠡᠬᠦᠯ ᠬᠠᠮᠠᠭᠠᠯᠠᠯ ᠤᠨ ᠠᠵᠢᠯ ᠦᠢᠯᠡᠰ ᠳᠦᠷᠭᠡᠨ ᠬᠦᠭᠵᠢᠵᠤ᠂ ᠮᠤᠩᠭᠤᠯ ᠡᠮ ᠡᠮᠨᠡᠯᠭᠡ ᠶᠢᠨ ᠨᠢᠬᠡ | ᠴᠤᠭᠴᠠᠯᠠᠯᠳᠠ ᠶᠢᠨ ᠳᠤᠷᠰᠢᠯᠳᠠ ᠶᠢᠨ ᠴᠡᠭ ᠤᠨ ᠠᠵᠢᠯ ᠢ ᠠᠬᠢᠭᠤᠯᠵᠤ᠂ ᠮᠤᠩᠭᠤᠯ ᠡᠮ ᠡᠮᠨᠡᠯᠭᠡ ᠶᠢᠨ ᠨᠡᠶᠢᠬᠡᠮᠯᠢᠭ ᠢ | ᠪᠠᠶᠢᠭᠤᠯᠪᠠ᠃ ᠨᠠᠮ ᠤᠨ ᠦᠨᠳᠦᠰᠦᠳᠡᠨ ᠤ ᠳᠦᠷᠦ ᠶᠢᠨ ᠪᠤᠳᠤᠯᠭ᠎ᠠ ᠶᠢ ᠪᠦᠬᠦ ᠳᠠᠯ᠎ᠠ ᠪᠠᠷ ᠳᠣᠣᠱᠯᠠᠭᠤᠯᠵᠤ᠂ | ᠱᠠᠰᠢᠨ ᠰᠤᠷᠳᠠᠬᠤᠨ ᠤ ᠶᠠᠪᠤᠳᠠᠯ ᠢ ᠬᠠᠤᠯᠢ ᠶᠤᠰᠤᠭᠠᠷ ᠬᠠᠮᠢᠶᠠᠷᠴᠦ᠂ ᠮᠠᠨ ᠤ ᠬᠤᠰᠢᠭᠤ ︽ᠪᠦᠬᠦ ᠤᠷᠤᠨ ᠤ | ᠦᠨᠳᠦᠰᠦᠳᠡᠨ ᠤ ᠪᠦᠯᠬᠦᠮᠳᠡᠯ ᠳᠠᠪᠰᠢᠯᠳᠠ ᠶᠢᠨ ᠵᠢᠱᠢᠶ᠎ᠡ ᠦᠵᠡᠬᠦᠯᠬᠦ ᠬᠤᠰᠢᠭᠤ︾ ᠪᠠᠷ ᠨᠡᠷᠡᠶᠢᠳᠦᠭᠳᠡᠪᠡ᠃ ᠸᠠᠩ | ᠪᠦᠬᠡ ᠶᠢᠨ ᠬᠡᠷ ᠪᠦᠯᠢ ᠨᠢᠬᠡᠳᠦᠭᠡᠷ ᠬᠤᠭᠤᠴᠠᠭᠠᠨ ᠤ ᠪᠦᠬᠦ ᠤᠯᠤᠰ ᠤᠨ ᠪᠤᠯᠪᠠᠰᠤᠨ ᠬᠡᠷ ᠪᠦᠯᠢ ᠶᠢᠨ ᠢᠷᠡᠭᠤ | ᠠᠯᠳᠠᠷ ᠢ ᠤᠯᠪᠠ᠃ ᠰᠤᠶᠤᠯ ᠪᠡᠶ᠎ᠡ ᠳᠠᠮᠢᠷ ᠪᠠᠳᠠᠷᠠᠨ ᠬᠦᠭᠵᠢᠪᠡ᠃ ᠬᠤᠰᠢᠭᠤᠨ ᠤ ᠮᠦᠽᠸᠢ ︽ᠵᠢᠷᠭᠤᠳᠤᠭᠠᠷ | ᠪᠦᠯᠦᠭ ᠤᠨ ᠦᠪᠡᠷᠲᠡᠭᠡᠨ ᠵᠠᠰᠠᠬᠤ ᠤᠷᠤᠨ ᠤ ᠤᠯᠤᠰ ᠢᠶᠠᠨ ᠬᠠᠶᠢᠷᠠᠯᠠᠬᠤ ᠦᠵᠡᠯ ᠤᠨ ᠰᠤᠷᠭᠠᠨ ᠬᠦᠮᠦᠵᠢᠯ ᠤᠨ | ᠰᠠᠭᠤᠷᠢᠨ︾ ᠢᠶᠠᠷ ᠨᠡᠷᠡᠶᠢᠳᠦᠭᠳᠡᠪᠡ᠃ ᠦᠪᠡᠷᠲᠡᠭᠡᠨ ᠵᠠᠰᠠᠬᠤ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ | ᠦᠯᠡᠳᠡᠭᠳᠡᠯ ᠤᠨ ᠤᠯᠠᠮᠵᠢᠯᠠᠭᠴᠢ ᠰᠢᠨ᠎ᠡ ᠪᠠᠷ 4 ᠬᠦᠮᠦᠨ ᠨᠡᠮᠡᠭᠳᠡᠪᠡ᠃ ᠮᠠᠨ ᠤ ᠬᠤᠰᠢᠭᠤ ︽ᠮᠤᠩᠭᠤᠯ ᠤᠷᠠᠨ | ᠪᠢᠴᠢᠯᠭᠡ ᠶᠢᠨ ᠨᠤᠳᠤᠭ︾ ᠤᠨ ᠠᠯᠳᠠᠷ ᠢ ᠤᠯᠪᠠ᠃ ᠤᠤᠭᠠᠯ ᠪᠦᠲᠦᠭᠡᠯ ᠮᠤᠩᠭᠤᠯ ᠵᠦᠴᠦᠭᠡ ︽ᠪᠠᠳᠤᠴᠠᠭᠠᠨ ᠤ | ᠬᠠᠶᠢᠷ᠎ᠠ︾ ︽ᠪᠦᠬᠦ ᠤᠯᠤᠰ ᠤᠨ ᠦᠨᠳᠦᠰᠦᠨ ᠱᠠᠳᠤᠨ ᠤ ᠪᠦᠯᠬᠦᠮ ᠤᠨ ᠰᠢ ᠵᠦᠴᠦᠭᠡ ᠶᠢᠨ ᠬᠠᠮᠳᠤᠷᠠᠭᠰᠠᠨ | ᠳᠤᠭᠯᠠᠯᠳᠠ︾ ᠳᠤ ᠤᠷᠤᠯᠴᠠᠪᠠ᠃ ᠦᠵᠡᠭᠳᠡᠯᠲᠦ ᠳᠠᠭᠤᠤ ᠪᠦᠵᠢᠭ ︽ᠳᠠᠯ᠎ᠠ ᠨᠤᠳᠤᠭ ᠤᠨ ᠤᠯᠠᠭᠠᠨᠮᠦ᠋ᠴᠢᠷ︾ | ᠳᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠴᠦᠭᠡᠨ ᠳᠤᠭᠠᠲᠦ ᠦᠨᠳᠦᠰᠦᠳᠡᠨ ᠤ ᠤᠷᠠᠯᠢᠭ ᠤᠨ | ᠬᠠᠮᠳᠤᠷᠠᠭᠰᠠᠨ ᠳᠤᠭᠯᠠᠯᠳᠠ ᠳᠤ ᠠᠯᠳᠠᠨ ᠮᠧᠲᠠᠯ ᠢ ᠤᠯᠪᠠ᠃ 2016 ᠤᠨ ᠤ ᠬᠤᠷᠳᠤᠨ ᠮᠤᠷᠢᠨ ᠤ ᠳᠤᠮᠤ | ᠱᠠᠩᠨᠠᠯᠲᠦ ᠤᠷᠤᠯᠳᠤᠭᠠᠨ᠂ ᠭᠤᠷᠪᠠᠳᠤᠭᠠᠷ ᠬᠤᠭᠤᠴᠠᠭᠠᠨ ᠤ ᠤᠯᠠᠨ ᠤᠯᠤᠰ ᠤᠨ ᠮᠤᠷᠢᠨ ᠮᠡᠷᠭᠡᠵᠢᠯ ᠤᠨ ᠨᠠᠶᠢᠷ ᠪᠠ | ᠬᠤᠶᠠᠳᠤᠭᠠᠷ ᠬᠤᠭᠤᠴᠠᠭᠠᠨ ᠤ ᠪᠦᠬᠦ ᠤᠷᠤᠨ ᠤ ᠳᠠᠯ᠎ᠠ ᠨᠤᠳᠤᠭ ᠤᠨ ᠰᠡᠯᠡᠬᠦᠴᠡᠯ ᠪᠡᠶ᠎ᠡ ᠳᠠᠮᠢᠷ ᠤᠨ ᠤᠷᠤᠯᠳᠤᠭᠠᠨ ᠢ | ᠠᠮᠵᠢᠯᠳᠠ ᠲᠠᠢ ᠡᠷᠬᠢᠯᠡᠪᠡ᠃ ᠯᠠᠢ ᠳ᠋ᠧ ᠠᠳᠤᠭᠤᠨ ᠤ ᠦᠢᠯᠡᠰ ︽ᠦᠪᠡᠷᠲᠡᠭᠡᠨ ᠵᠠᠰᠠᠬᠤ ᠤᠷᠤᠨ ᠤ ᠪᠡᠶ᠎ᠡ ᠳᠠᠮᠢᠷ | ᠤᠨ ᠠᠵᠤ ᠦᠢᠯᠡᠰ ᠤᠨ ᠰᠠᠭᠤᠷᠢᠨ︾ ᠢᠶᠠᠷ ᠳᠤᠭᠳᠠᠭᠠᠭᠳᠠᠪᠠ᠃ ᠳᠤᠭ᠎ᠠ ᠪᠦᠷᠢᠳᠭᠡᠯ᠂ ᠤᠶᠢᠯᠠᠯᠭ᠎ᠠ᠂ ᠳᠠᠩᠰᠠ | ᠡᠪᠬᠡᠮᠡᠯ᠂ ᠠᠷᠠᠳ ᠤᠨ ᠠᠭᠠᠷ ᠤᠨ ᠰᠡᠷᠭᠡᠶᠢᠯᠡᠯᠲᠡ᠂ ᠴᠠᠭ ᠠᠭᠤᠷ᠂ ᠭᠠᠵᠠᠷ ᠬᠦᠳᠡᠯᠦᠯᠲᠡ ᠶᠢ ᠰᠡᠷᠬᠡᠶᠢᠯᠡᠨ ᠭᠠᠮᠰᠢᠭ | ᠢ ᠪᠠᠭᠠᠰᠬᠠᠬᠤ ᠵᠡᠷᠭᠡ ᠡᠯ᠎ᠡ ᠵᠦᠢᠯ ᠤᠨ ᠠᠵᠢᠯ ᠰᠢᠨ᠎ᠡ ᠬᠢᠷᠢ ᠪᠦᠲᠦᠮᠵᠢ ᠤᠯᠵᠤ᠂ ᠠᠵᠢᠯᠴᠢᠨ ᠤ ᠶᠡᠷᠦᠩᠬᠡᠢ ᠡᠪᠯᠡᠯ᠂ | ᠵᠠᠯᠠᠭᠤᠴᠤᠳ ᠪᠠᠭᠠᠴᠣᠳ᠂ ᠡᠮᠡᠭᠳᠡᠶᠢᠴᠤᠳ ᠬᠡᠤᠭᠡᠳ ᠵᠡᠷᠭᠡ ᠡᠯ᠎ᠡ ᠵᠦᠢᠯ ᠤᠨ ᠠᠵᠢᠯ ᠦᠢᠯᠡᠰ ᠰᠢᠨ᠎ᠡ ᠬᠦᠭᠵᠢᠯᠲᠡ | ᠶᠢ ᠪᠡᠶᠡᠯᠡᠬᠦᠯᠪᠡ᠃ ᠨᠡᠶᠢᠬᠡᠮ ᠤᠨ ᠤᠷᠴᠢᠨ ᠳᠤᠭᠤᠷᠢᠨ ᠡᠶ᠎ᠡ ᠵᠤᠬᠢᠴᠠᠩᠭᠤᠢ ᠳᠤᠭᠳᠠᠭᠤᠨ ᠪᠠᠶᠢᠨ᠎ᠠ᠃ ᠠᠶᠤᠯᠬᠦᠢ | ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠰᠢᠰᠲ᠋ᠧᠮᠵᠢ ᠶᠢ ᠪᠦᠬᠦ ᠳᠠᠯ᠎ᠠ ᠪᠠᠷ ᠴᠢᠩᠭᠠᠷᠠᠭᠤᠯᠵᠤ᠂ ᠳᠠᠯᠳᠠ ᠬᠡᠮ ᠢ | ᠪᠠᠶᠢᠴᠠᠭᠠᠨ ᠵᠠᠰᠠᠬᠤ᠂ ᠬᠡᠨᠡᠳᠡᠯ ᠢ ᠤᠷᠢᠳᠴᠢᠯᠠᠨ ᠰᠡᠷᠭᠡᠶᠢᠯᠡᠵᠤ ᠡᠵᠡᠮᠳᠡᠬᠦ ᠵᠡᠷᠭᠡ ᠠᠵᠢᠯ ᠢ ᠴᠢᠩᠭ᠎ᠠ ᠠᠳᠬᠤᠵᠤ᠂ | ᠠᠶᠤᠯᠬᠦᠢ ᠦᠢᠯᠡᠳᠪᠦᠷᠢᠯᠡᠯ ᠤᠨ ᠪᠠᠶᠢᠳᠠᠯ ᠤᠨ ᠶᠡᠷᠦᠩᠬᠡᠢ ᠴᠤᠭᠴᠠ ᠶᠢ ᠳᠤᠭᠳᠠᠭᠤᠨ ᠪᠠᠶᠢᠯᠭᠠᠪᠠ᠃ ᠵᠠᠬ᠎ᠠ ᠳᠡᠯᠬᠡᠬᠦᠷ | ᠤᠨ ᠬᠢᠨᠠᠨ ᠬᠠᠮᠢᠶᠠᠷᠤᠯᠳᠠ ᠶᠢ ᠴᠢᠩᠭᠠᠳᠬᠠᠵᠤ᠂ ᠢᠳᠡᠭᠡᠨ ᠡᠮ ᠤᠨ ᠵᠦᠢᠯᠡᠰ ᠤᠨ ᠳᠤᠤᠷᠴᠢᠯᠠᠭᠰᠠᠨ ᠬᠠᠮᠢᠶᠠᠷᠤᠯᠳᠠ | ᠶᠢ ᠭᠡᠷᠡᠭᠵᠢᠬᠦᠯᠵᠤ᠂ ᠤᠯᠠᠨ ᠲᠦᠮᠡᠨ ᠤ ︽ᠬᠡᠯᠡᠨ ᠤ ᠦᠵᠦᠬᠦᠷ ᠤᠨ ᠠᠮᠤᠷ ᠲᠦᠪᠰᠢᠨ︾ ᠢ ᠦᠨᠡᠨᠬᠦ ᠪᠠᠳᠤᠯᠠᠪᠠ᠃ | ᠵᠦᠷᠢᠴᠡᠯ ᠵᠢᠭᠤᠷᠠᠯᠳᠤᠭᠠᠨ ᠢ ᠪᠠᠶᠢᠴᠠᠭᠠᠨ ᠢᠯᠭᠠᠷᠠᠭᠤᠯᠬᠤ ᠠᠵᠢᠯ ᠢ ᠬᠦᠨᠵᠡᠬᠡᠢ ᠦᠷᠨᠢᠬᠦᠯᠵᠤ᠂ ︽ᠠᠮᠤᠷ ᠳᠠᠶᠢᠪᠤᠩ | ᠳᠤᠮᠳᠠᠳᠤ ᠬᠤᠰᠢᠭᠤ︾ ᠶᠢ ᠡᠬᠦᠳᠦᠨ ᠪᠠᠶᠢᠭᠤᠯᠬᠤ ᠠᠵᠢᠯᠯᠠᠭᠠᠨ ᠢ ᠪᠠᠳᠤᠳᠠᠢ ᠠᠬᠢᠭᠤᠯᠵᠤ᠂ ᠡᠯ᠎ᠡ ᠳᠦᠷᠦᠯ ᠤᠨ | ᠬᠠᠤᠯᠢ ᠪᠤᠰᠤ ᠠᠵᠢᠯᠯᠠᠭ᠎ᠠ ᠶᠢ ᠴᠢᠩᠭ᠎ᠠ ᠨᠢᠮᠪᠠᠢ ᠰᠡᠷᠭᠡᠶᠢᠯᠡᠨ ᠬᠦᠨᠳᠦ ᠴᠤᠬᠢᠯᠳᠠ ᠦᠭᠴᠦ᠂ ᠬᠤᠰᠢᠭᠤᠨ ᠤ | ᠳᠤᠳᠤᠭᠠᠲᠦ ᠶᠢ ᠬᠠᠮᠠᠭᠠᠯᠠᠬᠤ ᠳᠦᠷ ᠬᠤᠷᠢᠬᠤ ᠭᠠᠵᠠᠷ ︽ᠪᠦᠬᠦ ᠤᠯᠤᠰ ᠤᠨ ᠨᠢᠬᠡᠳᠦᠭᠡᠷ ᠳᠡᠰ ᠤᠨ ᠳᠦᠷ ᠬᠤᠷᠢᠬᠤ | ᠭᠠᠵᠠᠷ︾ ᠢᠶᠠᠷ ᠦᠨᠡᠯᠡᠭᠳᠡᠵᠤ᠂ ᠬᠤᠰᠢᠭᠤᠨ ᠤ ᠳᠤᠳᠤᠭᠠᠲᠦ ᠶᠢ ᠬᠠᠮᠠᠭᠠᠯᠠᠬᠤ ᠵᠠᠮ ᠬᠠᠷᠢᠯᠴᠠᠭ᠎ᠠ ᠳᠤᠭᠤᠷᠢᠨ | ᠪᠠᠶᠢᠴᠠᠭᠠᠬᠤ ᠴᠠᠭᠳᠠᠭ᠎ᠠ ᠶᠢᠨ ᠶᠡᠭᠡ ᠠᠩᠬᠢ ︽ᠪᠦᠬᠦ ᠤᠯᠤᠰ ᠤᠨ ᠬᠠᠤᠯᠢ ᠶᠢ ᠭᠡᠷᠡᠭᠵᠢᠬᠦᠯᠬᠦ ᠵᠢᠱᠢᠶ᠎ᠡ ᠦᠵᠡᠬᠦᠯᠬᠦ | ᠨᠢᠬᠡᠴᠡ︾ ᠪᠠᠷ ᠦᠨᠡᠯᠡᠭᠳᠡᠪᠡ᠃ ᠬᠠᠤᠯᠢ ᠶᠤᠰᠤᠭᠠᠷ ᠬᠤᠰᠢᠭᠤ ᠪᠠᠨ ᠵᠠᠰᠠᠬᠤ ᠢᠯᠡᠷᠭᠡᠢ ᠠᠮᠵᠢᠯᠳᠠ ᠤᠯᠵᠤ᠂ ︽7᠂ | 5︾ ᠵᠢᠯ ᠤᠨ ᠬᠠᠤᠯᠢ ᠶᠢ ᠳᠦᠬᠡᠮᠡᠯᠵᠢᠬᠦᠯᠬᠦ᠂ ᠤᠶᠤᠨ ᠤ ᠪᠤᠯᠪᠠᠰᠤᠨ᠂ ᠠᠷᠠᠳᠴᠢᠯᠠᠯ ᠬᠠᠤᠯᠢ ᠪᠠᠷ ᠵᠠᠰᠠᠬᠤ ᠶᠢ | ᠡᠮᠬᠢ ᠲᠢᠭᠯᠢᠮ ᠲᠠᠢ ᠦᠷᠨᠢᠬᠦᠯᠪᠡ᠃ ᠤᠯᠤᠰ ᠤᠨ ᠪᠠᠳᠤᠯᠠᠨ ᠬᠠᠮᠠᠭᠠᠯᠠᠯᠳᠠ ᠪᠠ ᠡᠷᠦᠬᠡ ᠶᠢᠨ ᠴᠡᠷᠢᠭ ᠤᠨ ᠪᠡᠯᠡᠳᠭᠡᠯ | ᠠᠯᠪᠠ ᠶᠢᠨ ᠪᠠᠶᠢᠭᠤᠯᠤᠯᠳᠠ ᠶᠢ ᠳᠡᠮᠵᠢᠵᠤ᠂ ︽ᠬᠤᠶᠠᠷ ᠢ ᠬᠦᠷᠢᠶᠡᠯᠡᠬᠦ︾ ᠬᠢᠷᠢ ᠲᠦᠪᠰᠢᠨ ᠳᠠᠰᠤᠷᠠᠯᠳᠠ ᠦᠬᠡᠢ | ᠳᠡᠭᠡᠭᠰᠢᠯᠡᠪᠡ᠃ | ︵ᠳᠦᠷᠪᠡ︶ ᠦᠭᠡᠷᠡᠴᠢᠯᠡᠯᠲᠡ ᠶᠢ ᠳᠦᠷᠭᠡᠳᠭᠡᠨ᠂ ᠰᠤᠷᠳᠠᠯ ᠢ ᠬᠤᠪᠢᠷᠠᠭᠤᠯᠬᠤ ᠶᠢ ᠬᠦᠴᠦᠯᠡᠨ | ᠠᠬᠢᠭᠤᠯᠵᠤ᠂ ᠵᠠᠰᠠᠭ ᠵᠠᠬᠢᠷᠭᠠᠨ ᠤ ᠬᠢᠷᠢ ᠪᠦᠲᠦᠮᠵᠢ ᠶᠢᠨ ᠴᠢᠳᠠᠪᠬᠢ ᠤᠯᠠᠮ ᠨᠢᠬᠡ ᠠᠯᠬᠤᠮ ᠳᠡᠭᠡᠭᠰᠢᠯᠡᠪᠡ᠃ | ᠦᠭᠡᠷᠡᠴᠢᠯᠡᠯᠲᠡ ᠪᠠᠷ ᠠᠵᠤ ᠠᠬᠤᠢ ᠨᠡᠶᠢᠬᠡᠮ ᠤᠨ ᠬᠦᠭᠵᠢᠯᠲᠡ ᠶᠢᠨ ᠪᠦᠬᠦ ᠳᠠᠯ᠎ᠠ ᠶᠢ ᠨᠢᠬᠡᠳᠦᠯᠲᠡᠢ ᠬᠦᠳᠦᠯᠦᠨ | ᠳᠠᠭᠠᠭᠤᠯᠬᠤ ᠶᠢ ᠪᠠᠷᠢᠮᠳᠠᠯᠠᠵᠤ᠂ ᠰᠠᠭᠤᠷᠢ ᠶᠢ ᠪᠠᠬᠢᠵᠢᠬᠦᠯᠵᠤ᠂ ᠠᠯᠤᠰ ᠢᠷᠡᠭᠡᠲᠦᠢ ᠳᠤ ᠠᠰᠢᠭ ᠲᠠᠢ ᠪᠠᠶᠢᠬᠤ ᠶᠢ | ᠴᠢᠬᠤᠯᠠᠴᠢᠯᠠᠵᠤ᠂ ᠬᠦᠭᠵᠢᠯᠲᠡ ᠶᠢᠨ ᠵᠦᠬᠡᠯᠡᠨ ᠤᠷᠴᠢᠨ ᠢ ᠳᠠᠰᠤᠷᠠᠯᠳᠠ ᠦᠬᠡᠢ ᠰᠢᠯᠢᠳᠡᠭᠵᠢᠬᠦᠯᠪᠡ᠃ ᠬᠦᠭᠵᠢᠯᠲᠡ | ᠶᠢᠨ ᠠᠮᠢᠵᠢᠷᠠᠯ ᠤᠨ ᠬᠦᠴᠦᠨ ᠳᠠᠰᠤᠷᠠᠯᠳᠠ ᠦᠬᠡᠢ ᠴᠢᠩᠭᠠᠷᠠᠪᠠ᠃ ᠠᠵᠤ ᠠᠬᠤᠢ ᠢ ᠪᠠᠶᠢᠭᠤᠯᠤᠯ᠂ ᠠᠮᠢ ᠠᠬᠤᠢ | ᠶᠢᠨ ᠪᠤᠯᠪᠠᠰᠤᠨ ᠤ ᠪᠠᠶᠢᠭᠤᠯᠤᠯ ᠪᠠ ᠨᠡᠶᠢᠬᠡᠮ ᠤᠨ ᠪᠠᠶᠢᠭᠤᠯᠤᠯ ᠤᠨ ᠦᠭᠡᠷᠡᠴᠢᠯᠡᠯᠲᠡ ᠶᠢᠨ ᠡᠬᠦᠷᠭᠡ 131 ᠵᠦᠢᠯ ᠢ | ᠡᠮᠬᠢ ᠲᠢᠭᠯᠢᠮ ᠲᠠᠢ ᠠᠬᠢᠭᠤᠯᠵᠤ᠂ ᠭᠤᠤᠯᠳᠠᠯᠭ᠎ᠠ ᠲᠠᠢ ᠬᠦᠷᠢᠶ᠎ᠡ ᠴᠠᠷᠠᠭ᠎ᠠ ᠪᠤᠯᠤᠨ ᠵᠠᠩᠬᠢᠯᠠᠭ᠎ᠠ ᠶᠢᠨ ᠭᠤᠭᠴᠤᠭ᠎ᠠ | ᠶᠢᠨ ᠦᠭᠡᠷᠡᠴᠢᠯᠡᠯᠲᠡ ᠴᠢᠬᠤᠯᠠ ᠠᠯᠬᠤᠴᠠ ᠳᠤ ᠭᠠᠷᠪᠠ᠃ ︽ᠬᠤᠤᠰ ᠳᠤᠬᠢᠶᠠᠯ ᠢ ᠳᠠᠭᠠᠬᠤ᠂ ᠨᠢᠬᠡ ᠶᠢ ᠢᠯᠡ | ᠪᠤᠯᠭᠠᠬᠤ︾ ᠬᠢᠨᠠᠨ ᠬᠠᠮᠢᠶᠠᠷᠤᠯᠳᠠ ᠶᠢᠨ ᠬᠡᠪ ᠵᠠᠭᠪᠤᠷ ᠢ ᠡᠬᠢᠯᠡᠬᠦᠯᠦᠨ ᠶᠠᠪᠤᠭᠳᠠᠭᠤᠯᠵᠤ᠂ ︽ᠤᠷᠢᠳᠠᠪᠡᠷ | ᠪᠠᠳᠤᠯᠠᠪᠦᠷᠢ ᠶᠢᠨ ᠪᠢᠴᠢᠭ ᠢ ᠭᠤᠶᠤᠴᠢᠯᠠᠨ ᠠᠪᠴᠦ ᠳᠠᠷᠠᠭ᠎ᠠ ᠳᠤ ᠨᠢ ᠬᠤᠯᠪᠤᠭᠳᠠᠯ ᠪᠦᠬᠦᠢ ᠵᠦᠪᠰᠢᠶᠡᠷᠡᠯ ᠤᠨ | ᠦᠨᠡᠮᠯᠡᠯ ᠢ ᠡᠷᠬᠢᠯᠡᠬᠦ︾ ᠦᠬᠡᠷᠡᠴᠢᠯᠡᠯᠲᠡ ᠶᠢ ᠪᠠᠳᠤᠳᠠᠢ ᠠᠬᠢᠭᠤᠯᠵᠤ᠂ ᠵᠠᠬ᠎ᠠ ᠳᠡᠯᠬᠡᠬᠦᠷ ᠤᠨ ᠭᠤᠤᠯ ᠴᠤᠭᠴᠠ | ᠰᠢᠨ᠎ᠡ ᠪᠠᠷ 1903 ᠡᠷᠦᠬᠡ ᠨᠡᠮᠡᠭᠳᠡᠵᠤ᠂ 13% ᠪᠠᠷ ᠨᠡᠮᠡᠭᠳᠡᠪᠡ᠃ ᠳᠤᠭᠳᠠᠮᠠᠯ ᠬᠦᠷᠦᠩᠭᠡ ᠶᠢ ᠳᠠᠩᠰᠠᠯᠠᠬᠤ | ᠬᠠᠮᠢᠶᠠᠷᠤᠯᠳᠠ ᠶᠢᠨ ᠳᠤᠪᠴᠢᠶ᠎ᠠ ᠶᠢ ᠪᠠᠶᠢᠭᠤᠯᠵᠤ᠂ ᠨᠠᠮ ᠵᠠᠰᠠᠭ ᠤᠨ ᠪᠠᠶᠢᠭᠤᠯᠭ᠎ᠠ ᠶᠢᠨ ᠠᠯᠪᠠᠨ ᠳᠤ ᠬᠡᠷᠡᠭᠯᠡᠬᠦ ᠮᠠᠰᠢᠨ | ᠳᠡᠷᠭᠡ ᠶᠢᠨ ᠳᠦᠷᠢᠮ ᠤᠨ ᠦᠭᠡᠷᠡᠴᠢᠯᠡᠯᠲᠡ ᠶᠢ ᠪᠡᠶᠡᠯᠡᠬᠦᠯᠪᠡ᠃ ᠬᠤᠪᠢ ᠶᠢᠨ ᠡᠵᠡᠩᠨᠡᠯᠲᠡ ᠶᠢᠨ ᠭᠠᠳᠠᠭᠠᠲᠦ ᠠᠴᠠ | ᠤᠷᠤᠭᠤᠯᠵᠤ ᠭᠠᠳᠠᠭᠠᠲᠦ ᠳᠤ ᠭᠠᠷᠭᠠᠬᠤ ᠳᠠᠩᠰᠠᠨ ᠳᠤ ᠮᠡᠳᠡᠬᠦᠯᠦᠭᠰᠡᠨ ᠠᠵᠤ ᠠᠬᠤᠶᠢᠯᠠᠯ ᠰᠢᠨ᠎ᠡ ᠪᠠᠷ 3 ᠡᠷᠦᠬᠡ | ᠨᠡᠮᠡᠭᠳᠡᠵᠤ᠂ 21 ᠡᠷᠦᠬᠡ ᠪᠤᠯᠵᠤ᠂ ᠭᠠᠳᠠᠭᠠᠲᠦ ᠠᠴᠠ ᠤᠷᠤᠭᠤᠯᠵᠤ ᠭᠠᠳᠠᠭᠠᠲᠦ ᠳᠤ ᠭᠠᠷᠭᠠᠭᠰᠠᠨ ᠶᠡᠷᠦᠩᠬᠡᠢ | ᠳᠤᠭ᠎ᠠ 252 ᠲᠦᠮᠡᠨ ᠳ᠋ᠤᠯᠯᠠᠷ ᠢ ᠪᠡᠶᠡᠯᠡᠬᠦᠯᠪᠡ᠃ ᠡᠷᠳᠡᠨᠢ ᠰᠢᠰᠢ ᠳᠠᠷᠢᠭᠰᠠᠳ ᠲᠤ ᠨᠦᠬᠦᠪᠦᠷᠢ ᠦᠭᠬᠦ ᠳᠦᠷᠢᠮ ᠢ | ᠨᠠᠷᠢᠨ ᠬᠢᠨᠠᠮᠠᠭᠠᠢ ᠨᠠᠶᠢᠳᠠᠪᠦᠷᠢᠵᠢᠭᠤᠯᠵᠤ᠂ ᠡᠷᠳᠡᠨᠢ ᠰᠢᠰᠢ ᠳᠠᠷᠢᠭᠰᠠᠳ ᠲᠤ ᠨᠦᠬᠦᠪᠦᠷᠢ ᠮᠦᠩᠬᠦ ᠶᠢ 2.16 | ᠳ᠋ᠦᠩᠰᠢᠭᠤᠷ ᠳᠦᠬᠦᠷᠢᠭ ᠳᠠᠷᠬᠠᠭᠠᠪᠠ᠃ ᠵᠠᠰᠠᠭ ᠤᠨ ᠤᠷᠳᠤᠨ ᠤ ᠪᠠᠶᠢᠭᠤᠯᠤᠯᠳᠠ ᠴᠢᠩᠭᠠᠷᠠᠪᠠ᠃ ᠬᠤᠰᠢᠭᠤᠨ ᠤ | ᠨᠠᠮ ᠤᠨ ᠬᠤᠷᠢᠶᠠᠨ ᠤ ᠡᠯ᠎ᠡ ᠵᠦᠢᠯ ᠤᠨ ᠰᠢᠢᠳᠪᠦᠷᠢᠲᠦ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠬᠦᠨᠵᠡᠬᠡᠢ | ᠳᠣᠣᠱᠯᠠᠭᠤᠯᠤᠨ ᠶᠠᠪᠤᠭᠳᠠᠭᠤᠯᠵᠤ᠂ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠶᠤᠰᠤᠭᠠᠷ | ᠬᠢᠨᠠᠯᠳᠠ ᠳᠠᠯᠪᠢᠬᠤ ᠪᠠ ᠤᠯᠤᠰ ᠳᠦᠷᠦ ᠶᠢᠨ ᠵᠦᠪᠯᠡᠯᠭᠡᠨ ᠤ ᠠᠷᠠᠳᠴᠢᠯᠠᠯ ᠢᠶᠠᠷ ᠬᠢᠨᠠᠯᠳᠠ ᠳᠠᠯᠪᠢᠬᠤ ᠶᠢ ᠤᠬᠠᠮᠰᠠᠷ | ᠠᠴᠠ ᠪᠠᠨ ᠬᠦᠯᠢᠶᠡᠵᠤ᠂ ᠠᠷᠠᠳ ᠤᠨ ᠳᠦᠯᠦᠬᠡᠯᠡᠭᠴᠢ ᠶᠢᠨ ᠰᠠᠨᠠᠭᠤᠯᠭ᠎ᠠ ᠶᠢ 19 ᠬᠤᠪᠢ ᠡᠷᠬᠢᠯᠡᠵᠤ᠂ 76% ᠶᠢ | ᠡᠷᠬᠢᠯᠡᠨ ᠬᠦᠢᠴᠡᠳᠭᠡᠵᠤ᠂ ᠤᠯᠤᠰ ᠳᠦᠷᠦ ᠶᠢᠨ ᠵᠦᠪᠯᠯᠡᠭᠡᠨ ᠤ ᠬᠡᠰᠢᠬᠦᠳ ᠤᠨ ᠳᠤᠷᠠᠳᠤᠯᠭ᠎ᠠ ᠶᠢ 36 ᠬᠤᠪᠢ | ᠡᠷᠬᠢᠯᠡᠨ ᠬᠦᠢᠴᠡᠳᠭᠡᠵᠤ᠂ ᠡᠷᠬᠢᠯᠡᠨ ᠬᠦᠢᠴᠡᠳᠭᠡᠭᠰᠡᠨ ᠨᠤᠷᠮ᠎ᠠ 100% ᠳᠤ ᠬᠦᠷᠪᠡ᠃ ᠡᠯ᠎ᠡ ᠠᠷᠠᠳᠴᠢᠯᠠᠭᠰᠠᠨ | ᠨᠠᠮ ᠪᠦᠯᠦᠭ᠂ ᠦᠢᠯᠡᠳᠪᠦᠷᠢ ᠬᠤᠳᠠᠯᠳᠤᠭᠠᠨ ᠤ ᠨᠡᠶᠢᠬᠡᠮᠯᠢᠭ᠂ ᠨᠠᠮ ᠪᠦᠯᠦᠭ ᠤᠨ ᠪᠤᠰᠤ ᠬᠦᠮᠦᠰ᠂ ᠠᠷᠠᠳ ᠤᠨ | ᠪᠦᠯᠬᠦᠮ ᠪᠠ ᠠᠬᠠᠮᠠᠳ ᠺᠠᠳ᠋ᠷ ᠤᠨ ᠰᠠᠨᠠᠯ ᠰᠠᠨᠠᠭᠤᠯᠭ᠎ᠠ ᠶᠢ ᠦᠷᠭᠡᠨ ᠳᠡᠯᠬᠡᠷᠡᠩᠭᠦᠢ ᠪᠠᠷ ᠰᠤᠨᠤᠰᠪᠠ᠃ ᠨᠠᠮ ᠢ ᠪᠦᠬᠦ | ᠳᠠᠯ᠎ᠠ ᠪᠠᠷ ᠴᠢᠩᠭ᠎ᠠ ᠵᠠᠰᠠᠬᠤ ᠱᠠᠭᠠᠷᠳᠠᠯᠭ᠎ᠠ ᠶᠢ ᠨᠠᠷᠢᠨ ᠬᠢᠨᠠᠮᠠᠭᠠᠢ ᠨᠠᠶᠢᠳᠠᠪᠦᠷᠢᠵᠢᠭᠤᠯᠵᠤ᠂ ᠵᠠᠰᠠᠭ ᠤᠨ ᠤᠷᠳᠤᠨ ᠤ | ᠰᠢᠰᠲ᠋ᠧᠮ ᠤᠨ ᠨᠠᠮ ᠤᠨ ᠪᠠᠶᠢᠭᠤᠯᠤᠯᠳᠠ᠂ ᠴᠢᠭᠡᠴᠢ ᠵᠠᠰᠠᠭ ᠤᠨ ᠪᠠᠶᠢᠭᠤᠯᠤᠯᠳᠠ ᠪᠠ ︽ᠬᠤᠶᠠᠷ ᠢ ᠰᠤᠷᠤᠯᠴᠠᠵᠤ | ᠬᠢᠷᠢ ᠳᠡᠩᠴᠡᠭᠰᠡᠨ ᠨᠠᠮ ᠤᠨ ᠬᠡᠰᠢᠬᠦᠨ ᠪᠤᠯᠬᠤ︾ ᠰᠤᠷᠤᠯᠴᠠᠯᠭ᠎ᠠ ᠬᠦᠮᠦᠵᠢᠯ ᠢ ᠬᠦᠨᠵᠡᠬᠡᠢ ᠦᠷᠨᠢᠬᠦᠯᠵᠤ᠂ ᠬᠢᠨᠠᠨ | ᠪᠠᠶᠢᠴᠠᠭᠠᠬᠤ᠂ ᠬᠢᠨᠠᠨ ᠪᠤᠳᠤᠯᠳᠠ ᠶᠢᠨ ᠬᠦᠴᠦᠯᠡᠴᠡ ᠪᠠᠨ ᠤᠯᠠᠮ ᠨᠢᠬᠡ ᠠᠯᠬᠤᠮ ᠨᠡᠮᠡᠭᠳᠡᠬᠦᠯᠵᠤ᠂ ᠵᠠᠰᠠᠭ ᠤᠨ | ᠰᠤᠷᠳᠠᠯ ᠠᠵᠢᠯ ᠲᠦᠷᠦᠯ ᠤᠨ ᠰᠤᠷᠳᠠᠯ ᠤᠨ ᠢᠯᠡᠷᠭᠡᠢ ᠰᠠᠶᠢᠵᠢᠷᠠᠬᠤ ᠶᠢ ᠠᠬᠢᠭᠤᠯᠪᠠ᠃ ᠬᠠᠤᠯᠢ ᠶᠤᠰᠤᠭᠠᠷ ᠵᠠᠰᠠᠭ | ᠶᠠᠪᠤᠭᠤᠯᠬᠤ ᠶᠢ ᠪᠠᠷᠢᠮᠳᠠᠯᠠᠵᠤ᠂ ᠵᠠᠰᠠᠭ ᠤᠨ ᠤᠷᠳᠤᠨ ᠤ ᠪᠢᠴᠢᠭ ᠮᠠᠲ᠋ᠧᠷᠢᠶᠠᠯ ᠤᠨ ᠬᠠᠤᠯᠢ ᠶᠤᠰᠤᠨ ᠤ ᠴᠢᠨᠠᠷ ᠤᠨ | ᠬᠢᠨᠠᠨ ᠪᠠᠶᠢᠴᠠᠭᠠᠬᠤ ᠳᠤᠭᠳᠠᠴᠠ ᠶᠢ ᠪᠠᠶᠢᠭᠤᠯᠪᠠ᠃ | ᠳᠦᠯᠦᠭᠡᠯᠡᠭᠴᠢᠳ ᠡ᠂ ᠦᠩᠭᠡᠷᠡᠭᠰᠡᠨ ᠨᠢᠬᠡ ᠵᠢᠯ ᠢ ᠡᠷᠬᠢᠴᠡᠬᠦᠯᠬᠦ ᠳᠤ᠂ ᠤᠯᠤᠭᠰᠠᠨ ᠬᠢᠷᠢ ᠪᠦᠲᠦᠮᠵᠢ | ᠬᠢᠯᠪᠡᠷ ᠪᠤᠰᠤ ᠶᠤᠮ᠃ ᠡᠨᠡ ᠪᠤᠯ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠶᠢᠨ ᠡᠷᠡᠰ ᠴᠢᠩᠭ᠎ᠠ | ᠤᠳᠤᠷᠢᠳᠤᠯᠭ᠎ᠠ᠂ ᠬᠠᠯᠠᠮᠵᠢᠯᠠᠯ ᠳᠡᠮᠵᠢᠯᠬᠡ ᠶᠢᠨ ᠦᠷ᠎ᠡ ᠪᠦᠲᠦᠭᠡᠯ ᠮᠦᠨ᠂ ᠨᠠᠮ ᠤᠨ ᠳᠦᠪ ᠬᠤᠷᠢᠶᠠᠨ ᠤ | ᠤᠬᠠᠭᠤᠯᠬᠤ ᠬᠡᠯᠳᠡᠰ ᠤᠨ ᠴᠡᠭ ᠳᠤᠭᠳᠠᠭᠠᠨ ᠬᠠᠪᠰᠤᠷᠤᠨ ᠳᠡᠳᠬᠦᠵᠤ᠂ ᠦᠪᠡᠷᠲᠡᠭᠡᠨ ᠵᠠᠰᠠᠬᠤ ᠤᠷᠤᠨ ᠤ 29 | ᠲᠢᠩᠬᠢᠮ ᠳᠤᠪᠴᠢᠶ᠎ᠠ ᠶᠢᠨ ᠤᠷᠳᠤᠳᠬᠠᠨ ᠬᠠᠪᠰᠤᠷᠤᠨ ᠳᠡᠳᠬᠦᠵᠤ᠂ ᠠᠶᠢᠮᠠᠭ ᠤᠨ ᠰᠢᠭᠤᠳ ᠬᠠᠷᠢᠶ᠎ᠠ 34 ᠰᠠᠯᠠᠭ᠎ᠠ | ᠮᠦᠴᠢᠷ ᠤᠨ ᠬᠠᠮᠵᠢᠯᠴᠠᠨ ᠬᠠᠪᠰᠤᠷᠤᠨ ᠳᠡᠳᠬᠦᠵᠤ᠂ ᠤᠷᠳᠤᠰ ᠤᠨ ᠵᠡᠬᠦᠡᠭᠠᠷ ᠬᠤᠰᠢᠭᠤᠨ ᠤ ᠠᠳᠠᠯᠢ ᠰᠢᠰᠲ᠋ᠧᠮ | ᠢᠶᠠᠷ ᠬᠠᠪᠰᠤᠷᠤᠨ ᠪᠠᠶᠢᠭᠤᠯᠤᠭᠰᠠᠨ ᠤ ᠦᠷ᠎ᠡ ᠪᠦᠲᠦᠬᠡᠯ ᠮᠦᠨ᠂ ᠬᠤᠰᠢᠭᠤᠨ ᠤ ᠨᠠᠮ ᠤᠨ ᠬᠤᠷᠢᠶᠠᠨ ᠤ ᠪᠦᠬᠦ | ᠳᠠᠯ᠎ᠠ ᠶᠢ ᠶᠡᠷᠦᠩᠬᠡᠶᠢᠯᠡᠨ ᠡᠵᠡᠮᠳᠡᠵᠤ᠂ ᠰᠢᠢᠳᠪᠦᠷᠲᠦ ᠪᠤᠳᠤᠯᠭ᠎ᠠ ᠭᠠᠷᠭᠠᠭᠰᠠᠨ ᠤ ᠦᠷ᠎ᠡ ᠪᠦᠲᠦᠬᠡᠯ ᠮᠦᠨ᠂ | ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ᠂ ᠤᠯᠤᠰ ᠳᠦᠷᠦ ᠶᠢᠨ ᠵᠦᠪᠯᠡᠯᠬᠡᠨ ᠵᠢᠴᠢ | ᠨᠡᠶᠢᠬᠡᠮ ᠤᠨ ᠡᠯ᠎ᠡ ᠡᠳᠡᠭᠡᠳ ᠤᠨ ᠪᠦᠲᠦᠮᠵᠢᠲᠡᠢ ᠬᠢᠨᠠᠯᠳᠠ ᠳᠠᠯᠪᠢᠯᠳᠠ᠂ ᠶᠡᠭᠡ ᠬᠦᠴᠦᠨ ᠢᠶᠠᠷ ᠳᠡᠮᠵᠢᠭᠰᠡᠨ ᠤ ᠦᠷ᠎ᠡ | ᠪᠦᠲᠦᠭᠡᠯ ᠮᠦᠨ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠠᠷᠠᠳ ᠲᠦᠮᠡᠨ ᠪᠠ ᠦᠷᠭᠡᠨ ᠤᠯᠠᠨ ᠺᠠᠳ᠋ᠷ ᠤᠨ | ᠤᠶᠤᠨ ᠤᠬᠠᠭᠠᠨ᠂ ᠬᠦᠴᠦ ᠬᠦᠯᠦᠰᠦ ᠪᠠ ᠬᠦᠴᠦᠨ ᠴᠢᠳᠠᠯ ᠢ ᠨᠢᠬᠳᠠᠷᠠᠭᠤᠯᠪᠠ᠃ ᠡᠬᠦᠨ ᠳᠤ᠂ ᠪᠢ ᠬᠤᠰᠢᠭᠤᠨ | ᠤ ᠠᠷᠠᠳ ᠤᠨ ᠵᠠᠰᠠᠭ ᠤᠨ ᠤᠷᠳᠤᠨ ᠢ ᠳᠦᠯᠦᠬᠡᠯᠡᠵᠤ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠺᠠᠳ᠋ᠷ ᠤᠯᠠᠨ | ᠲᠦᠮᠡᠨ᠂ ᠡᠯ᠎ᠡ ᠠᠷᠠᠳ ᠤᠨ ᠳᠦᠯᠦᠬᠡᠯᠡᠭᠴᠢ᠂ ᠤᠯᠤᠰ ᠳᠦᠷᠦ ᠶᠢᠨ ᠵᠦᠪᠯᠡᠯᠭᠡᠨ ᠤ ᠬᠡᠰᠢᠬᠦᠳ᠂ ᠬᠤᠰᠢᠭᠤᠨ ᠳᠤ | ᠰᠠᠭᠤᠭ᠎ᠠ ᠴᠡᠷᠢᠭ ᠴᠠᠭᠳᠠᠭ᠎ᠠ ᠶᠢᠨ ᠠᠩᠬᠢ ᠵᠢᠴᠢ ᠬᠤᠰᠢᠭᠤᠨ ᠤ ᠰᠢᠭᠤᠳ ᠬᠠᠷᠢᠶ᠎ᠠ᠂ ᠬᠤᠰᠢᠭᠤᠨ ᠳᠤ ᠰᠠᠭᠤᠭ᠎ᠠ | ᠡᠯ᠎ᠡ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ᠂ ᠠᠯᠢᠪᠠ ᠮᠠᠨ ᠤ ᠬᠤᠰᠢᠭᠤᠨ ᠤ ᠬᠦᠭᠵᠢᠯᠲᠡ ᠶᠢ | ᠬᠠᠯᠠᠮᠵᠢᠯᠠᠵᠤ᠂ ᠳᠡᠮᠵᠢᠵᠤ ᠪᠠᠶᠢᠭ᠎ᠠ ᠪᠠ ᠮᠠᠨ ᠤ ᠬᠤᠰᠢᠭᠤᠨ ᠤ ᠠᠵᠤ ᠠᠬᠤᠢ ᠨᠡᠶᠢᠬᠡᠮ ᠤᠨ ᠪᠦᠲᠦᠭᠡᠨ | ᠪᠠᠶᠢᠭᠤᠯᠤᠯᠳᠠ ᠳᠤ ᠤᠷᠤᠯᠴᠠᠵᠤ ᠪᠠᠶᠢᠭ᠎ᠠ ᠡᠯ᠎ᠡ ᠡᠳᠡᠭᠡᠳ ᠤᠨ ᠬᠦᠮᠦᠰ ᠲᠤ ᠡᠷᠬᠢᠮ ᠬᠦᠨᠳᠦᠳᠭᠡᠯ ᠪᠤᠯᠤᠨ ᠴᠢᠩ | ᠰᠡᠳᠬᠢᠯ ᠤᠨ ᠳᠠᠯᠠᠷᠬᠠᠯ ᠢᠶᠠᠨ ᠳᠡᠪᠰᠢᠬᠦᠯᠦᠶ᠎ᠡ︕ | ᠬᠢᠷᠢ ᠪᠦᠲᠦᠮᠵᠢ ᠪᠠᠨ ᠨᠤᠳᠠᠯᠠᠬᠤ ᠶᠢᠨ ᠳᠠᠭᠠᠤ ᠪᠢᠳᠡ ᠪᠠᠰᠠᠰᠡᠷᠭᠡᠭ ᠢᠶᠠᠷ ᠳᠠᠨᠢᠵᠤ ᠤᠯᠤᠭᠰᠠᠨ ᠨᠢ᠂ ᠠᠵᠤ | ᠠᠬᠤᠢ ᠶᠢᠨ ᠦᠷᠬᠦᠯᠵᠢᠯᠡᠨ ᠳᠤᠷᠤᠭᠰᠢᠯᠠᠬᠤ ᠳᠠᠷᠤᠭᠠᠰᠣ ᠶᠢᠨ ᠨᠦᠯᠦᠬᠡᠯᠡᠯ ᠠᠴᠠ ᠪᠤᠯᠵᠤ᠂ ᠠᠵᠤ ᠠᠬᠤᠢ ᠶᠢᠨ | ᠨᠡᠮᠡᠭᠳᠡᠯ ᠤᠨ ᠬᠦᠳᠡᠯᠬᠡᠬᠦ ᠬᠦᠴᠦᠨ ᠬᠦᠷᠦᠯᠴᠡᠬᠦ ᠦᠬᠡᠢ᠂ ᠤᠯᠠᠮᠵᠢᠯᠠᠯᠲᠦ ᠠᠵᠤ ᠦᠢᠯᠡᠰ ᠤᠨ ᠳᠤᠯᠭᠠᠭᠤᠷᠢᠯᠠᠬᠤ | ᠴᠢᠳᠠᠪᠦᠷᠢ ᠳᠤᠷᠤᠭᠰᠢᠯᠠᠵᠤ᠂ ᠰᠢᠨ᠎ᠡ ᠬᠡᠯᠪᠡᠷᠢ ᠶᠢᠨ ᠠᠵᠤ ᠦᠢᠯᠡᠰ ᠪᠠᠰᠠ ᠪᠦᠷᠢᠮᠰᠦᠨ ᠪᠤᠶᠢᠵᠢᠭ᠎ᠠ ᠦᠬᠡᠢ᠃ ᠠᠵᠤ | ᠦᠢᠯᠡᠰ ᠤᠨ ᠪᠦᠲᠦᠴᠡ ᠶᠢᠨ ᠳᠤᠬᠢᠷᠠᠭᠤᠯᠤᠯᠳᠠ ᠶᠢᠨ ᠡᠬᠦᠷᠭᠡ ᠮᠦᠨ ᠬᠦᠨᠳᠦ ᠰᠦᠷᠡᠭᠡᠢ᠂ ᠠᠵᠤ ᠦᠢᠯᠡᠳᠪᠦᠷᠢ | ᠶᠢᠨ ᠠᠵᠢᠯ ᠢᠶᠠᠨ ᠵᠤᠭᠰᠤᠭᠰᠠᠨ᠂ ᠬᠠᠭᠠᠰ ᠵᠤᠭᠰᠤᠭᠰᠠᠨ ᠠᠵᠤ ᠠᠬᠤᠶᠢᠯᠠᠯ ᠤᠯᠠᠰᠢᠷᠠᠵᠤ᠂ ᠳᠠᠷᠢᠶᠠᠯᠠᠩ ᠮᠠᠯ ᠠᠵᠤ | ᠠᠬᠤᠢ ᠶᠢᠨ ᠪᠠᠶᠢᠭᠠᠯᠢ ᠶᠢᠨ ᠭᠠᠮᠰᠢᠭ ᠢ ᠡᠰᠡᠷᠬᠦᠴᠡᠬᠦ ᠴᠢᠳᠠᠪᠦᠷᠢ ᠨᠡᠯᠢᠶᠡᠳ ᠪᠠᠭᠤᠷᠠᠢ᠂ ᠤᠳᠤ ᠦᠶ᠎ᠡ ᠶᠢᠨ | ᠦᠢᠯᠡᠴᠢᠯᠡᠭᠡᠨ ᠤ ᠦᠢᠯᠡᠰ ᠤᠨ ᠬᠦᠭᠵᠢᠯᠲᠡ ᠬᠤᠴᠤᠷᠤᠩᠭᠤᠢ ᠪᠠᠶᠢᠨ᠎ᠠ᠃ ᠳᠡᠭᠡᠲᠦ ᠱᠠᠳᠤᠨ ᠤ ᠳᠤᠰᠬᠠᠢ ᠵᠦᠢᠯ ᠤᠨ | ᠪᠡᠯᠡ ᠮᠦᠩᠬᠦ ᠵᠢᠯ ᠳᠠᠷᠠᠭᠠᠯᠠᠨ ᠪᠠᠭᠠᠰᠴᠦ᠂ ᠠᠷᠠᠳ ᠤᠨ ᠠᠮᠢᠳᠤᠷᠠᠯ ᠤᠨ ᠪᠠᠳᠤᠯᠠᠭ᠎ᠠ ᠶᠢᠨ ᠭᠡᠷᠡᠭᠴᠡᠭᠡ ᠵᠢᠯ | ᠳᠠᠷᠠᠭᠠᠯᠠᠨ ᠨᠡᠮᠡᠭᠳᠡᠵᠤ᠂ ᠦᠷᠢ ᠦᠭᠴᠡᠭᠡ ᠳᠦᠯᠦᠬᠦ ᠦᠨᠳᠦᠷ ᠤᠷᠬᠢᠯ ᠤᠨ ᠬᠤᠭᠤᠴᠠᠭᠠᠨ ᠳᠤ ᠤᠷᠤᠭᠰᠠᠨ ᠵᠡᠷᠭᠡ | ᠰᠢᠯᠳᠠᠭᠠᠨ ᠳᠠᠪᠬᠤᠴᠠᠵᠤ᠂ ᠠᠷᠠᠳ ᠤᠨ ᠠᠮᠢᠳᠤᠷᠠᠯ ᠢ ᠰᠠᠶᠢᠵᠢᠷᠠᠭᠤᠯᠤᠨ᠂ ᠬᠦᠭᠵᠢᠯᠲᠡ ᠶᠢ ᠪᠠᠳᠤᠯᠠᠬᠤ ᠳᠠᠷᠤᠭᠠᠰᠦ | ᠮᠦᠨ ᠨᠡᠯᠢᠶᠡᠳ ᠶᠡᠭᠡ ᠪᠠᠶᠢᠨ᠎ᠠ᠃ ᠡᠶᠢᠮᠤ ᠠᠴᠠ᠂ ᠪᠢᠳᠡ ᠳᠦᠭᠰᠢᠬᠦᠷᠢ ᠳᠤ ᠰᠠᠨᠠᠭᠠᠰᠢᠷᠠᠬᠤ ᠦᠵᠡᠯ ᠤᠬᠠᠮᠰᠠᠷ ᠪᠠ | ᠬᠠᠷᠢᠭᠤᠴᠯᠠᠭ᠎ᠠ ᠶᠢ ᠳᠠᠭᠠᠭᠠᠨ ᠡᠬᠦᠷᠭᠡᠯᠡᠬᠦ ᠦᠵᠡᠯ ᠤᠬᠠᠮᠰᠠᠷ ᠢᠶᠠᠨ ᠤᠯᠠᠮ ᠨᠢᠬᠡ ᠠᠯᠬᠤᠮ ᠴᠢᠩᠭᠠᠷᠠᠭᠤᠯᠵᠤ᠂ | ᠠᠰᠠᠭᠤᠳᠠᠯ ᠳᠤ ᠨᠢᠭᠤᠷᠳᠠᠵᠤ᠂ ᠠᠰᠠᠭᠤᠳᠠᠯ ᠢ ᠰᠢᠢᠳᠪᠦᠷᠢᠯᠡᠨ᠂ ᠵᠠᠰᠠᠭ ᠤᠨ ᠤᠷᠳᠤᠨ ᠤ ᠠᠵᠢᠯ ᠢ ᠤᠶᠤᠨ ᠴᠢᠳᠠᠯ | ᠢᠶᠠᠨ ᠰᠢᠪᠬᠠᠨ ᠰᠠᠶᠢᠳᠦᠷ ᠬᠢᠬᠦ ᠭᠡᠷᠡᠭᠲᠡᠢ ᠪᠠᠶᠢᠨ᠎ᠠ᠃ | ᠬᠤᠶᠠᠷ᠂ 2017 ᠤᠨ ᠤ ᠠᠵᠤ ᠠᠬᠤᠢ ᠨᠡᠶᠢᠬᠡᠮ ᠤᠨ ᠬᠦᠭᠵᠢᠯᠲᠡ ᠶᠢᠨ ᠭᠤᠤᠯ ᠡᠬᠦᠷᠭᠡ | 2017 ᠤᠨ ᠪᠤᠯ ︽13᠂ 5︾ ᠵᠢᠯ ᠤᠨ ᠳᠦᠯᠦᠪᠵᠢᠬᠦᠯᠬᠡ ᠶᠢ ᠭᠡᠷᠡᠭᠵᠢᠬᠦᠯᠦᠭᠰᠡᠨ ᠴᠢᠬᠤᠯᠠ ᠨᠢᠬᠡ | ᠵᠢᠯ ᠪᠤᠯᠤᠨ᠎ᠠ᠂ ᠮᠦᠨ ᠴᠦ ᠶᠠᠳᠠᠭᠤ ᠠᠴᠠ ᠠᠩᠵᠢᠷᠠᠭᠤᠯᠬᠤ ᠪᠠᠬᠢᠯᠡᠯᠲᠡ ᠰᠢᠪᠳᠤᠯᠬᠤ ᠶᠢ ᠳᠦᠷᠭᠡᠳᠭᠡᠵᠤ᠂ | ᠴᠢᠨᠡᠭᠡᠯᠢᠭ ᠨᠡᠶᠢᠬᠡᠮ ᠢ ᠪᠦᠬᠦ ᠳᠠᠯ᠎ᠠ ᠪᠠᠷ ᠪᠠᠶᠢᠭᠤᠯᠬᠤ ᠵᠠᠩᠬᠢᠯᠠᠭ᠎ᠠ ᠶᠢᠨ ᠨᠢᠬᠡ ᠵᠢᠯ ᠪᠤᠯᠤᠨ᠎ᠠ᠂ ᠡᠨᠡ ᠵᠢᠯ ᠤᠨ ᠠᠵᠢᠯ | ᠢ ᠰᠠᠶᠢᠳᠦᠷ ᠬᠢᠬᠦ ᠨᠢ ᠴᠢᠬᠤᠯᠠ ᠠᠴᠢ ᠬᠤᠯᠪᠤᠭᠳᠠᠯ ᠲᠠᠢ ᠶᠤᠮ᠃ ᠪᠢᠳᠡ ᠪᠦᠬᠦ ᠬᠤᠰᠢᠭᠤᠨ ᠤ 26 ᠲᠦᠮᠡᠨ | ᠠᠷᠠᠳ ᠲᠦᠮᠡᠨ ᠤ ᠤᠶᠤᠨ ᠤᠬᠠᠭᠠᠨ ᠪᠠ ᠬᠦᠴᠦᠨ ᠴᠢᠳᠠᠯ ᠢ ᠨᠢᠬᠳᠠᠷᠠᠭᠤᠯᠵᠤ᠂ ᠢᠳᠡᠭᠡᠯ ᠢᠶᠠᠨ ᠴᠢᠩᠳᠠᠯᠠᠨ᠂ | ᠳᠤᠬᠢᠶᠠᠯ ᠢ ᠵᠠᠪᠳᠤᠨ ᠠᠳᠬᠤᠵᠤ᠂ ᠠᠵᠤ ᠠᠬᠤᠢ ᠨᠡᠶᠢᠬᠡᠮ ᠤᠨ ᠨᠡᠩ ᠴᠢᠨᠠᠷᠯᠢᠭ ᠳᠦᠷᠭᠡᠨ ᠬᠦᠭᠵᠢᠯᠲᠡ ᠶᠢ | ᠰᠦᠪᠡᠭᠴᠢᠯᠡᠵᠤ᠂ ᠰᠢᠯᠢᠳᠡᠭ ᠬᠢᠷᠢ ᠪᠦᠲᠦᠮᠵᠢ ᠪᠠᠷ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠠᠮᠵᠢᠯᠳᠠ ᠲᠠᠢ | ᠬᠤᠷᠠᠯᠳᠤᠬᠤ ᠶᠢ ᠤᠭᠳᠤᠵᠤ᠂ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠳᠤ ᠪᠡᠯᠡᠭ | ᠬᠦᠷᠭᠡᠶ᠎ᠡ︕ | 2017 ᠤᠨ ᠤ ᠵᠠᠰᠠᠭ ᠤᠨ ᠤᠷᠳᠤᠨ ᠤ ᠠᠵᠢᠯ ᠤᠨ ᠶᠡᠷᠦᠩᠬᠡᠢ ᠱᠠᠭᠠᠷᠳᠠᠯᠭ᠎ᠠ ᠪᠤᠯ᠄ ᠬᠤᠰᠢᠭᠤᠨ ᠤ ᠨᠠᠮ | ᠤᠨ ᠬᠤᠷᠢᠶᠠᠨ ᠤ ︵ᠦᠷᠭᠡᠳᠭᠡᠭᠰᠡᠨ︶ ᠬᠤᠷᠠᠯ ᠤᠨ ᠵᠤᠷᠢᠭ ᠰᠠᠨᠠᠭ᠎ᠠ ᠶᠢ ᠪᠦᠬᠦ ᠳᠠᠯ᠎ᠠ ᠪᠠᠷ ᠳᠣᠣᠱᠯᠠᠭᠤᠯᠤᠨ᠂ ︽ | ᠳᠠᠪᠤ ᠶᠢ ᠨᠢᠬᠡ ᠴᠤᠭᠴᠠᠵᠢᠭᠤᠯᠬᠤ︾ ᠪᠠᠶᠢᠷᠢᠰᠢᠭᠤᠯᠤᠯᠳᠠ ᠶᠢ ᠨᠢᠬᠡᠳᠦᠯᠲᠡᠢ ᠳᠦᠯᠦᠪᠯᠡᠨ ᠠᠬᠢᠭᠤᠯᠵᠤ᠂ ︽ᠳᠦᠷᠪᠡᠨ | ᠪᠦᠬᠦ ᠳᠠᠯ᠎ᠠ︾ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠶᠢ ᠵᠤᠬᠢᠴᠠᠭᠤᠯᠤᠨ ᠠᠬᠢᠭᠤᠯᠵᠤ᠂ | ᠰᠠᠨᠠᠭᠠᠴᠢᠯᠠᠭ᠎ᠠ ᠠᠴᠠ ᠪᠠᠨ ᠠᠵᠤ ᠠᠬᠤᠢ ᠶᠢᠨ ᠬᠦᠭᠵᠢᠯᠲᠡ ᠶᠢᠨ ᠰᠢᠨ᠎ᠡ ᠬᠡᠪ ᠪᠠᠶᠢᠳᠠᠯ ᠳᠤ ᠨᠡᠶᠢᠴᠡᠵᠤ᠂ ᠰᠢᠨ᠎ᠡ ᠶᠢ | ᠡᠬᠦᠳᠬᠦ᠂ ᠵᠤᠬᠢᠴᠠᠭᠤᠯᠬᠤ᠂ ᠪᠤᠬᠢᠷᠳᠤᠯ ᠦᠬᠡᠢ᠂ ᠨᠡᠬᠡᠬᠡᠯᠲᠡ ᠲᠠᠢ᠂ ᠬᠠᠮᠳᠤ ᠪᠠᠷ ᠡᠳ᠋ᠯᠡᠬᠦ ᠬᠦᠭᠵᠢᠯᠲᠡ ᠶᠢᠨ | ᠤᠶᠢᠯᠠᠭᠠᠭᠳᠠᠬᠤᠨ ᠢ ᠶᠡᠬᠡᠪᠡᠷ ᠦᠢᠯᠡᠳᠦᠯᠬᠡᠵᠢᠬᠦᠯᠵᠤ᠂ ᠬᠦᠭᠵᠢᠯᠲᠡ᠂ ᠠᠮᠢ ᠠᠬᠤᠢ᠂ ᠠᠷᠠᠳ ᠤᠨ ᠠᠮᠢᠳᠤᠷᠠᠯ ᠤᠨ | ᠬᠤᠷᠢᠭ᠎ᠠ ᠱᠤᠭᠤᠮ ᠢ ᠡᠷᠡᠰ ᠰᠠᠬᠢᠨ᠂ ᠬᠠᠩᠭᠠᠯᠭ᠎ᠠ ᠶᠢᠨ ᠳᠠᠯ᠎ᠠ ᠶᠢᠨ ᠪᠦᠲᠦᠴᠡ ᠶᠢᠨ ᠴᠢᠨᠠᠷ ᠲᠠᠢ ᠦᠭᠡᠷᠡᠴᠢᠯᠡᠯᠳᠡ | ᠶᠢ ᠠᠬᠢᠭᠤᠯᠬᠤ ᠪᠠᠷ ᠭᠤᠤᠯ ᠱᠤᠭᠤᠮ ᠪᠤᠯᠭᠠᠬᠤ ᠶᠢ ᠪᠠᠷᠢᠮᠳᠠᠯᠠᠵᠤ᠂ ᠦᠪᠡᠷᠡᠲᠡᠭᠡᠨ ᠵᠠᠰᠠᠬᠤ ᠤᠷᠤᠨ | ᠪᠠᠶᠢᠭᠤᠯᠤᠭᠳᠠᠭᠰᠠᠨ 70 ᠵᠢᠯ ᠤᠨ ᠤᠢ ᠪᠠ 2020 ᠤᠨ ᠳᠤ ᠴᠢᠨᠡᠭᠡᠯᠢᠭ ᠨᠡᠶᠢᠬᠡᠮ ᠢ ᠪᠦᠬᠦ ᠳᠠᠯ᠎ᠠ ᠪᠠᠷ | ᠪᠠᠶᠢᠭᠤᠯᠬᠤ ᠪᠠᠷ ᠳᠠᠰᠤᠯᠪᠦᠷᠢ ᠴᠢᠭ᠋ ᠪᠤᠯᠭᠠᠵᠤ᠂ ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠲᠡ᠂ ᠰᠤᠷᠠᠭ | ᠵᠠᠩᠬᠢᠵᠢᠯᠲᠡ᠂ ᠬᠤᠳᠠ ᠪᠠᠯᠭᠠᠰᠤᠵᠢᠯᠳᠠ᠂ ᠳᠠᠷᠢᠶᠠᠯᠠᠩ ᠮᠠᠯ ᠠᠵᠤ ᠠᠬᠤᠢ ᠶᠢᠨ ᠤᠳᠤᠬᠢᠴᠢᠯᠠᠯᠳᠠ ᠪᠠ ᠪᠤᠬᠢᠷᠳᠤᠯ | ᠦᠬᠡᠶᠢᠴᠢᠯᠡᠯᠲᠡ ᠶᠢ ᠵᠤᠬᠢᠴᠠᠭᠤᠯᠤᠨ ᠠᠬᠢᠭᠤᠯᠵᠤ᠂ ︽ᠠᠷᠪᠠᠨ ᠶᠡᠭᠡ ᠢᠨᠵᠧᠨᠧᠷᠢᠩ︾ ᠢ ᠬᠦᠨᠵᠡᠬᠡᠢ ᠠᠬᠢᠭᠤᠯᠤᠨ᠂ | ︽ᠳᠠᠪᠤᠨ ᠳᠠᠩᠰᠤᠭ ᠬᠢᠩᠭᠠᠨ︾ ᠤ ᠪᠦᠲᠦᠭᠡᠨ ᠪᠠᠶᠢᠭᠤᠯᠤᠯᠳᠠ ᠶᠢ ᠪᠦᠬᠦ ᠬᠦᠴᠦᠨ ᠢᠶᠠᠷ ᠢᠶᠠᠨ ᠠᠬᠢᠭᠤᠯᠵᠤ᠂ | ᠠᠷᠢᠭᠤᠨ ᠴᠡᠪᠡᠷ ᠡᠨᠧᠷᠬᠢ ᠶᠢᠨ ᠰᠤᠷᠪᠤᠯᠵᠢ ᠶᠢ ᠭᠠᠳᠠᠭᠰᠢ ᠭᠠᠷᠭᠠᠬᠤ ᠠᠵᠤ ᠦᠢᠯᠡᠰ᠂ ᠳᠠᠷᠢᠶᠠᠯᠠᠩ ᠤᠨ | ᠪᠦᠲᠦᠭᠡᠭᠳᠡᠬᠦᠨ ᠮᠠᠯ ᠤᠨ ᠠᠰᠢᠭ ᠰᠢᠮ᠎ᠡ ᠶᠢ ᠨᠠᠷᠢᠯᠢᠭ ᠬᠦᠨ ᠪᠤᠯᠪᠠᠰᠤᠷᠠᠭᠤᠯᠬᠤ ᠠᠵᠤ ᠦᠢᠯᠡᠰ᠂ ᠦᠨᠳᠦᠰᠦᠳᠡᠨ ᠤ | ᠰᠤᠶᠤᠯ ᠵᠢᠭᠤᠯᠴᠢᠯᠠᠯ ᠤᠨ ᠠᠵᠤ ᠦᠢᠯᠡᠰ ᠢ ᠳᠦᠷᠭᠡᠳᠭᠡᠨ ᠪᠤᠶᠢᠵᠢᠭᠤᠯᠵᠤ ᠪᠤᠵᠠᠭᠠᠶᠢᠷᠠᠭᠤᠯᠤᠨ᠂ ᠠᠷᠠᠳ ᠢᠶᠠᠨ | ᠪᠠᠶᠠᠵᠢᠭᠤᠯᠵᠤ ᠬᠤᠰᠢᠭᠤ ᠪᠠᠨ ᠬᠦᠴᠦᠷᠭᠡᠭᠵᠢᠬᠦᠯᠬᠦ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠨ᠎ᠡ᠃ | ᠭᠤᠤᠯ ᠤᠷᠢᠳᠴᠢᠯᠠᠭᠰᠠᠨ ᠬᠠᠷᠠᠯᠳᠠ ᠪᠤᠯ᠄ ᠭᠠᠵᠠᠷ ᠤᠷᠤᠨ ᠤ ᠦᠢᠯᠡᠳᠪᠦᠷᠢᠯᠡᠯ ᠤᠨ ᠶᠡᠷᠦᠩᠬᠡᠢ ᠦᠷᠳᠡᠭ | ᠢ 8% ᠤᠷᠴᠢᠮ ᠨᠡᠮᠡᠭᠳᠡᠬᠦᠯᠵᠤ᠂ ᠬᠡᠪᠴᠢᠶᠠᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ ᠢ | 20% ᠠᠴᠠ ᠳᠡᠭᠡᠭᠰᠢ ᠨᠡᠮᠡᠭᠳᠡᠬᠦᠯᠵᠤ᠂ 500 ᠲᠦᠮᠡᠨ ᠳᠦᠬᠦᠷᠢᠭ ᠠᠴᠠ ᠳᠡᠭᠡᠭᠰᠢᠬᠢ ᠳᠤᠭᠳᠠᠮᠠᠯ ᠬᠦᠷᠦᠩᠭᠡ ᠶᠢᠨ | ᠪᠡᠯᠡ ᠤᠷᠤᠭᠤᠯᠤᠯᠳᠠ ᠶᠢ 20% ᠠᠴᠠ ᠳᠡᠭᠡᠭᠰᠢ ᠨᠡᠮᠡᠭᠳᠡᠬᠦᠯᠵᠤ᠂ ᠭᠡᠷᠡᠭᠯᠡᠭᠡᠨ ᠤ ᠵᠦᠢᠯ ᠢ ᠵᠢᠵᠢᠭᠯᠡᠨ | ᠬᠤᠳᠠᠯᠳᠤᠭᠰᠠᠨ ᠶᠡᠷᠦᠩᠬᠡᠢ ᠳᠤᠭ᠎ᠠ ᠶᠢ 10% ᠤᠷᠴᠢᠮ ᠨᠡᠮᠡᠭᠳᠡᠬᠦᠯᠵᠤ᠂ ᠡᠩ ᠤᠨ ᠤᠯᠠᠨ ᠨᠡᠶᠢᠲᠡ ᠶᠢᠨ | ᠳᠦᠰᠦᠪ ᠤᠨ ᠡᠳ᠋ ᠤᠨ ᠵᠠᠰᠠᠭ ᠤᠨ ᠤᠷᠤᠯᠭ᠎ᠠ ᠶᠢ ᠬᠠᠷᠢᠴᠠᠭᠤᠯᠤᠭᠰᠠᠨ ᠳᠤᠭ᠎ᠠ ᠶᠤᠰᠤᠭᠠᠷ 16% ᠤᠷᠴᠢᠮ | ᠨᠡᠮᠡᠭᠳᠡᠬᠦᠯᠵᠤ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠤᠷᠤᠯᠭ᠎ᠠ ᠶᠢ ᠳᠤᠰ ᠪᠦᠷᠢ 9%᠂ 9.5% | ᠤᠷᠴᠢᠮ ᠨᠡᠮᠡᠭᠳᠡᠬᠦᠯᠦᠨ᠎ᠡ᠃ | ᠳᠡᠭᠡᠷᠡᠬᠢ ᠳᠤᠷᠠᠳᠤᠭᠰᠠᠨ ᠬᠠᠷᠠᠯᠳᠠ ᠶᠢᠨ ᠳᠤᠭᠤᠷᠢᠨ ᠳᠤ᠂ ᠳᠤᠤᠷᠠᠬᠢ ᠶᠢᠰᠦᠨ ᠳᠠᠯ᠎ᠠ ᠶᠢᠨ ᠠᠵᠢᠯ ᠢ | ᠭᠤᠤᠯᠳᠠᠯᠭ᠎ᠠ ᠲᠠᠢ ᠰᠠᠶᠢᠳᠦᠷ ᠠᠳᠬᠤᠬᠤ ᠭᠡᠷᠡᠭᠲᠡᠢ᠄ | ︵ᠨᠢᠬᠡ︶ ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠲᠡ ᠶᠢ ᠰᠤᠯᠠᠷᠠᠭᠤᠯᠬᠤ ᠦᠬᠡᠢ ᠠᠳᠬᠤᠵᠤ᠂ ᠠᠵᠤ | ᠦᠢᠯᠡᠳᠪᠦᠷᠢ ᠶᠢᠨ ᠠᠵᠤ ᠠᠬᠤᠢ ᠶᠢᠨ ᠶᠠᠰᠤ ᠴᠢᠨᠠᠷ ᠳᠡᠭᠡᠭᠰᠢᠯᠡᠨ ᠬᠡᠮᠵᠢᠶ᠎ᠡ ᠨᠡᠮᠡᠭᠳᠡᠬᠦ ᠶᠢ ᠬᠦᠴᠦᠯᠡᠨ ᠠᠬᠢᠭᠤᠯᠤᠨ᠎ᠠ᠃ | ᠭᠤᠶᠢᠪᠠᠰᠢ ᠦᠬᠡᠢ ᠪᠠᠷ ᠠᠵᠤ ᠦᠢᠯᠡᠳᠪᠦᠷᠢ ᠶᠢ ᠳᠦᠪᠯᠡᠷᠡᠬᠦᠯᠦᠨ ᠬᠦᠭᠵᠢᠬᠦᠯᠬᠦ ᠵᠠᠮ ᠢᠶᠠᠷ ᠵᠠᠮᠨᠠᠵᠤ᠂ ᠳᠠᠪᠠᠭᠤᠯᠢᠭ | ᠢᠶᠠᠨ ᠪᠠᠳᠠᠷᠠᠭᠤᠯᠬᠤ ᠪᠠ ᠬᠦᠷᠦᠯᠴᠡᠬᠦ ᠦᠬᠡᠢ ᠳᠠᠯ᠎ᠠ ᠪᠠᠨ ᠨᠦᠬᠦᠪᠦᠷᠢᠯᠡᠬᠦ ᠶᠢ ᠬᠠᠮᠳᠤ ᠪᠠᠷ ᠬᠢᠵᠤ᠂ ᠬᠠᠳᠠᠭᠠᠯᠠᠮᠵᠢ | ᠶᠢᠨ ᠬᠡᠮᠵᠢᠶ᠎ᠡ ᠶᠢ ᠳᠤᠬᠢᠷᠠᠭᠤᠯᠬᠤ ᠪᠠ ᠰᠢᠯᠢᠳᠡᠭ ᠪᠤᠯᠭᠠᠨ ᠬᠡᠮᠵᠢᠶ᠎ᠡ ᠶᠢ ᠨᠡᠮᠡᠭᠳᠡᠬᠦᠯᠬᠦ ᠶᠢ ᠵᠡᠷᠭᠡᠪᠡᠷ ᠠᠳᠬᠤᠬᠤ ᠶᠢ | ᠪᠠᠷᠢᠮᠳᠠᠯᠠᠵᠤ᠂ ᠠᠵᠤ ᠦᠢᠯᠡᠳᠪᠦᠷᠢ ᠶᠢᠨ ᠭᠤᠤᠯ ᠤᠳᠤᠷᠢᠳᠤᠮᠵᠢ ᠶᠢᠨ ᠪᠠᠶᠢᠷᠢ ᠶᠢ ᠳᠠᠰᠤᠷᠠᠯᠳᠠ ᠦᠬᠡᠢ | ᠪᠠᠳᠤᠳᠬᠠᠨ᠎ᠠ᠃ | ᠭᠤᠤᠯᠳᠠᠯᠭᠠᠲᠦ ᠳᠦᠷᠦᠯ ᠵᠦᠢᠯ ᠤᠨ ᠪᠦᠲᠦᠭᠡᠨ ᠪᠠᠶᠢᠭᠤᠯᠤᠯᠳᠠ ᠶᠢ ᠳᠦᠷᠭᠡᠳᠭᠡᠨ ᠠᠬᠢᠭᠤᠯᠤᠨ᠎ᠠ᠃ | ᠮᠢᠩᠭᠠᠨ ᠲᠦᠮᠡᠨ ᠳᠦᠬᠦᠷᠢᠭ ᠠᠴᠠ ᠳᠡᠭᠭᠰᠢᠬᠢ ᠠᠵᠤ ᠦᠢᠯᠡᠳᠪᠦᠷᠢ ᠶᠢᠨ ᠳᠦᠷᠦᠯ ᠵᠦᠢᠯ ᠢ 16 ᠵᠦᠢᠯ ᠠᠵᠢᠯ | ᠡᠬᠢᠯᠡᠬᠦᠯᠦᠨ ᠪᠦᠲᠦᠭᠡᠨ ᠪᠠᠶᠢᠭᠤᠯᠬᠤ ᠪᠠᠷ ᠳᠦᠯᠦᠪᠯᠡᠵᠤ᠂ ᠶᠡᠷᠦᠩᠬᠡᠢ ᠪᠡᠯᠡ ᠤᠷᠤᠭᠤᠯᠤᠯᠳᠠ ᠨᠢ 484 | ᠳ᠋ᠦᠩᠰᠢᠭᠤᠷ ᠳᠦᠬᠦᠷᠢᠭ ᠪᠠᠶᠢᠵᠤ᠂ ᠵᠢᠱᠢᠯᠲᠡ ᠪᠠᠷ 58 ᠳ᠋ᠦᠩᠰᠢᠭᠤᠷ ᠳᠦᠬᠦᠷᠢᠭ ᠤᠨ ᠪᠡᠯᠡ ᠤᠷᠤᠭᠤᠯᠤᠯᠳᠠ ᠶᠢ | ᠪᠡᠶᠡᠯᠡᠬᠦᠯᠦᠨ᠎ᠡ᠃ ᠦᠪᠦᠷ ᠮᠤᠩᠭᠤᠯ ᠤᠨ ᠠᠭᠤᠷᠬᠠᠢ ᠶᠢᠨ ᠦᠢᠯᠡᠰ ᠤᠨ 40 ᠳ᠋ᠦᠩᠰᠢᠭᠤᠷ ᠪᠤᠰᠤᠭ᠎ᠠ ᠳᠦᠷᠪᠡᠯᠵᠢᠨ | ᠮᠧᠲᠷ ᠤᠨ ᠨᠡᠬᠦᠷᠡᠰᠦ ᠪᠠᠷ ᠰᠢᠳᠠᠮᠠᠬᠠᠢ ᠬᠡᠢ ᠦᠢᠯᠡᠳᠬᠦ ᠳᠦᠷᠦᠯ ᠵᠦᠢᠯ ᠤᠨ ᠤᠷᠴᠢᠨ ᠳᠤᠭᠤᠷᠢᠨ ᠤ ᠨᠦᠯᠦᠬᠡᠯᠡᠯ | ᠤᠨ ᠦᠨᠡᠯᠡᠯᠲᠡ᠂ ᠡᠨᠧᠷᠬᠢ ᠶᠢᠨ ᠰᠤᠷᠪᠤᠯᠵᠢ ᠶᠢᠨ ᠨᠦᠯᠦᠬᠡᠯᠡᠯ ᠤᠨ ᠦᠨᠡᠯᠡᠯᠲᠡ᠂ ᠤᠷᠤᠨ ᠳᠤᠭᠤᠷᠢᠭ ᠤᠨ | ᠶᠡᠷᠦᠩᠬᠡᠢ ᠴᠤᠭᠴᠠ ᠶᠢᠨ ᠳᠦᠯᠦᠪᠵᠢᠬᠦᠯᠭᠡ ᠶᠢ ᠳᠤᠬᠢᠷᠠᠭᠤᠯᠬᠤ ᠵᠡᠷᠭᠡ ᠡᠮᠦᠨᠡᠬᠢ ᠬᠤᠭᠤᠴᠠᠭᠠᠨ ᠤ ᠬᠢᠨᠠᠨ | ᠵᠦᠪᠰᠢᠶᠡᠷᠡᠬᠦᠯᠬᠦ ᠠᠵᠢᠯ ᠢ ᠪᠦᠬᠦ ᠬᠦᠴᠦᠨ ᠢᠶᠠᠷ ᠢᠶᠠᠨ ᠠᠬᠢᠭᠤᠯᠵᠤ᠂ ᠵᠢᠯ ᠤᠨ ᠳᠤᠳᠤᠷ᠎ᠠ᠂ ᠬᠢᠨᠠᠨ | ᠵᠦᠪᠰᠢᠶᠡᠷᠡᠬᠦᠯᠵᠤ ᠠᠵᠢᠯ ᠡᠬᠢᠯᠡᠬᠦᠯᠦᠨ ᠪᠦᠲᠦᠭᠡᠨ ᠪᠠᠶᠢᠭᠤᠯᠬᠤ ᠶᠢ ᠪᠠᠳᠤᠯᠠᠨ᠎ᠠ᠃ ᠮᠧᠩ ᠨᠧᠩ 2×66 ᠲᠦᠮᠡᠨ | ᠺᠢᠯᠤᠸᠠᠲ ᠤᠨ ᠴᠠᠬᠢᠯᠭᠠᠨ ᠤ ᠦᠢᠯᠡᠳᠪᠦᠷᠢ ᠶᠢᠨ ᠳᠦᠷᠦᠯ ᠵᠦᠢᠯ ᠤᠨ ᠪᠦᠲᠦᠬᠡᠨ ᠪᠠᠶᠢᠭᠤᠯᠤᠯᠳᠠ ᠶᠢᠨ ᠠᠬᠢᠴᠠ ᠶᠢ | ᠳᠦᠷᠭᠡᠳᠭᠡᠵᠤ᠂ ᠭᠤᠤᠯ ᠦᠢᠯᠡᠳᠪᠦᠷᠢ ᠶᠢᠨ ᠤᠷᠤᠢ ᠶᠢ ᠪᠢᠳᠡᠬᠦᠮᠵᠢᠯᠡᠬᠦ ᠶᠢ ᠪᠡᠶᠡᠯᠡᠬᠦᠯᠦᠨ᠎ᠡ᠃ ᠵᠢᠩ ᠺᠧ ᠴᠠᠬᠢᠯᠭᠠᠨ | ᠤ ᠦᠢᠯᠡᠳᠪᠦᠷᠢ ᠶᠢᠨ 1×35 ᠲᠦᠮᠡᠨ ᠺᠢᠯᠤᠸᠠᠲ ᠤᠨ ᠬᠤᠶᠠᠳᠤᠭᠠᠷ ᠴᠠᠬᠢᠯᠭᠠᠨ ᠴᠤᠭᠴᠠᠯᠠᠪᠦᠷᠢ ᠶᠢᠨ ᠳᠦᠷᠦᠯ | ᠵᠦᠢᠯ ᠢ ᠬᠢᠨᠠᠨ ᠵᠦᠪᠰᠢᠶᠡᠷᠡᠬᠦᠯᠬᠦ ᠠᠵᠢᠯ ᠢ ᠳᠦᠷᠭᠡᠳᠭᠡᠨ ᠠᠬᠢᠭᠤᠯᠵᠤ᠂ ᠴᠢᠳᠠᠬᠤ ᠶᠢᠨ ᠬᠢᠷᠢ ᠪᠠᠷ ᠭᠤᠤᠯ | ᠦᠢᠯᠡᠳᠪᠦᠷᠢ ᠶᠢᠨ ᠢᠨᠵᠧᠨᠧᠷᠢᠩ ᠤᠨ ᠤᠷᠤᠢ ᠶᠢ ᠪᠢᠳᠡᠬᠦᠮᠵᠢᠯᠡᠨ᠎ᠡ᠃ ᠳ᠋ᠦᠩ ᠳ᠋ᠠ ᠪᠠᠶᠠᠯᠢᠭ ᠬᠤᠳᠠ ᠬᠦᠳᠡᠭᠡ ᠶᠢ | ᠨᠢᠬᠡᠲᠦᠯᠲᠡᠢ ᠳᠦᠯᠦᠪᠯᠡᠬᠦ ᠠᠵᠤ ᠦᠢᠯᠡᠰ ᠤᠨ ᠤᠷᠤᠨ ᠳᠤᠭᠤᠷᠢᠭ ᠤᠨ ᠪᠤᠯᠪᠠᠰᠤᠷᠠᠭᠤᠯᠬᠤ ᠳᠤᠭᠤᠷᠢᠭ ᠤᠨ ᠰᠢᠪᠠᠷ | ᠰᠢᠷᠤᠢ ᠶᠢᠨ ᠠᠵᠢᠯ ᠤᠨ ᠢᠨᠵᠧᠨᠧᠷᠢᠩ ᠤᠨ ᠪᠦᠲᠦᠭᠡᠨ ᠪᠠᠶᠢᠭᠤᠯᠤᠯᠳᠠ ᠶᠢ ᠳᠠᠭᠤᠰᠬᠠᠨ᠎ᠠ᠃ ᠹᠧᠩ ᠴᠢᠶᠠᠨ 4 | ᠲᠦᠮᠡᠨ ᠲᠤᠨ ᠳᠦᠮᠦᠰᠦ ᠶᠢᠨ ᠨᠤᠨᠳᠠᠭ ᠪᠤᠯᠪᠠᠰᠤᠷᠠᠭᠤᠯᠬᠤ ᠳᠦᠷᠦᠯ ᠵᠦᠢᠯ ᠢ ᠵᠢᠯ ᠳᠤ 1.5 ᠲᠦᠮᠡᠨ ᠳᠤᠨ | ᠳᠦᠮᠦᠰᠦ ᠶᠢᠨ ᠨᠤᠨᠳᠠᠭ ᠦᠢᠯᠡᠳᠪᠦᠷᠢᠯᠡᠬᠦ ᠴᠢᠳᠠᠪᠦᠷᠢ ᠲᠠᠢ ᠪᠤᠯᠭᠠᠨ᠎ᠠ᠃ ᠬᠤᠸᠠ ᠰᠢ ᠡᠨᠧᠷᠬᠢ ᠶᠢᠨ ᠰᠤᠷᠪᠤᠯᠵᠢ᠂ | ᠴᠢᠩ ᠳ᠋ᠣᠣ ᠶᠢᠨ ᠴᠠᠩ ᠱᠧᠩ ᠵᠡᠷᠭᠡ ᠬᠡᠷᠡᠯ ᠤᠨ ᠤᠶᠢᠯᠳᠠ ᠶᠢᠨ ᠶᠠᠳᠠᠭᠤ ᠶᠢ ᠳᠡᠳᠬᠦᠬᠦ ᠳᠦᠷᠦᠯ ᠵᠦᠢᠯ ᠢ ᠡᠷᠳᠡᠭᠡᠨ | ᠠᠵᠢᠯ ᠡᠬᠢᠯᠡᠬᠦᠯᠬᠦ ᠨᠦᠬᠦᠴᠡᠯ ᠲᠠᠢ ᠪᠤᠯᠭᠠᠬᠤ ᠶᠢ ᠠᠬᠢᠭᠤᠯᠤᠨ᠎ᠠ᠃ | ᠠᠵᠤ ᠠᠬᠤᠢ ᠶᠢᠨ ᠠᠵᠢᠯᠯᠠᠭᠠᠨ ᠤ ᠳᠤᠬᠢᠷᠠᠭᠤᠯᠤᠯᠳᠠ ᠶᠢ ᠰᠠᠶᠢᠳᠦᠷ ᠠᠳᠬᠤᠨ᠎ᠠ᠃ ᠤᠳᠤᠷᠢᠳᠬᠤ ᠺᠠᠳ᠋ᠷ | ᠤᠨ ᠭᠤᠤᠯᠳᠠᠯᠭ᠎ᠠ ᠲᠠᠢ ᠳᠦᠷᠦᠯ ᠵᠦᠢᠯ᠂ ᠭᠤᠤᠯᠳᠠᠯᠭᠠᠲᠦ ᠠᠵᠤ ᠠᠬᠤᠶᠢᠯᠠᠯ ᠢ ᠳᠠᠭᠠᠭᠠᠴᠢᠯᠠᠨ ᠬᠠᠷᠢᠯᠴᠠᠬᠤ | ᠳᠦᠷᠢᠮ ᠢ ᠴᠢᠩᠭ᠎ᠠ ᠭᠡᠷᠡᠭᠵᠢᠬᠦᠯᠵᠤ᠂ ᠰᠠᠷ᠎ᠠ᠂ ᠤᠯᠠᠷᠢᠯ᠂ ᠭᠤᠤᠯᠳᠠᠯᠭ᠎ᠠ ᠲᠠᠢ ᠴᠠᠭ ᠬᠤᠭᠤᠴᠠᠭ᠎ᠠ ᠪᠠᠷ ᠳᠠᠰᠤᠯᠪᠤᠷᠢ | ᠴᠡᠭ ᠪᠤᠯᠭᠠᠨ᠂ ᠭᠤᠤᠯᠳᠠᠯᠭ᠎ᠠ ᠲᠠᠢ ᠠᠵᠢᠯ ᠳᠦᠷᠦᠯ᠂ ᠠᠵᠤ ᠠᠬᠤᠶᠢᠯᠠᠯ᠂ ᠳᠦᠷᠦᠯ ᠵᠦᠢᠯ ᠤᠨ ᠠᠵᠢᠯᠯᠠᠭᠠᠨ ᠤ | ᠪᠠᠶᠢᠳᠠᠯ ᠳᠤ ᠳᠤᠬᠢᠷᠠᠭᠤᠯᠤᠯᠳᠠ ᠬᠢᠵᠤ᠂ ᠬᠢᠨᠠᠨ ᠬᠡᠮᠵᠢᠵᠤ ᠵᠠᠳᠠᠯᠤᠯᠳᠠ ᠬᠢᠬᠦ ᠶᠢ ᠰᠠᠶᠢᠳᠦᠷ ᠬᠢᠵᠤ᠂ ᠠᠵᠤ ᠤᠨ | ᠳᠤᠬᠢᠶᠠᠯ ᠢ ᠵᠠᠪᠳᠤᠨ ᠠᠳᠬᠤᠵᠤ᠂ ᠵᠠᠬ᠎ᠠ ᠳᠡᠯᠬᠡᠬᠦᠷ ᠢ ᠰᠠᠯᠤᠯ ᠦᠬᠡᠢ ᠳᠠᠭᠠᠵᠤ᠂ ᠦᠢᠯᠡᠳᠪᠦᠷᠢᠯᠡᠯ ᠢᠶᠠᠨ | ᠦᠷᠭᠡᠳᠭᠡᠬᠦ ᠶᠢ ᠬᠦᠳᠦᠯᠦᠨ ᠳᠠᠭᠠᠭᠤᠯᠤᠨ᠎ᠠ᠃ ᠤᠯᠠᠮᠵᠢᠯᠠᠯᠲᠦ ᠠᠵᠤ ᠦᠢᠯᠡᠰ ᠢ ᠳᠦᠷᠭᠡᠳᠭᠡᠨ ᠦᠭᠡᠷᠡᠴᠢᠯᠡᠨ | ᠳᠡᠭᠡᠭᠰᠢᠯᠡᠬᠦᠯᠵᠤ᠂ ᠶᠢᠨ ᠭᠧ ᠯᠧ ᠢᠳᠡᠭᠡᠨ ᠤ ᠵᠦᠢᠯ᠂ ᠵᠦᠩ ᠶᠠᠩ ᠳᠠᠷᠢᠶᠠᠯᠠᠩ᠂ ᠬᠤᠩ ᠳ᠋ᠧ ᠪᠠᠷᠢᠯᠭ᠎ᠠ ᠶᠢᠨ | ᠮᠠᠲ᠋ᠧᠷᠢᠶᠠᠯ ᠵᠡᠷᠭᠡ ᠭᠤᠤᠯᠳᠠᠯᠭ᠎ᠠ ᠲᠠᠢ ᠠᠵᠤ ᠠᠬᠤᠶᠢᠯᠠᠯ ᠤᠨ ᠮᠡᠷᠭᠡᠵᠢᠯ ᠢ ᠰᠠᠶᠢᠵᠢᠷᠠᠭᠤᠯᠬᠤ ᠳᠦᠷᠦᠯ ᠵᠦᠢᠯ ᠢ | ᠰᠠᠶᠢᠳᠦᠷ ᠠᠳᠬᠤᠵᠤ᠂ ᠠᠵᠤ ᠠᠬᠤᠶᠢᠯᠠᠯ ᠤᠨ ᠬᠦᠭᠵᠢᠨ ᠪᠤᠵᠠᠭᠠᠶᠢᠷᠠᠬᠤ ᠶᠢ ᠳᠦᠷᠭᠡᠳᠭᠡᠨ᠎ᠡ᠃ ᠵᠠᠮᠴᠢᠨ ᠤ | ᠳᠤᠭᠤᠯᠭ᠎ᠠ ᠴᠠᠶᠢᠷ ᠤᠨ ᠠᠭᠤᠷᠬᠠᠢ ᠵᠡᠷᠭᠡ ᠠᠭᠤᠷᠬᠠᠢ ᠶᠢᠨ ᠠᠵᠤ ᠠᠬᠤᠶᠢᠯᠠᠯ ᠢ ᠢᠳᠡᠪᠬᠢᠲᠡᠢ ᠠᠮᠢᠳᠤᠯᠢᠬᠵᠢᠭᠤᠯᠤᠨ᠂ | ᠵᠢᠩ ᠺᠧ ᠴᠠᠬᠢᠯᠭᠠᠨ ᠤ ᠦᠢᠯᠡᠳᠪᠦᠷᠢ ᠶᠢᠨ ᠠᠵᠤ ᠦᠢᠯᠡᠳᠪᠦᠷᠢ ᠶᠢᠨ ᠴᠠᠬᠢᠭᠤᠷ ᠤᠨ ᠳᠤᠮᠤ ᠭᠡᠷᠡᠭᠯᠡᠬᠡᠨ ᠤ ᠡᠷᠦᠬᠡ | ᠳᠤ ᠰᠢᠭᠤᠳ ᠴᠠᠬᠢᠯᠭᠠᠨ ᠬᠠᠩᠭᠠᠬᠤ ᠳᠦᠷᠦ ᠶᠢᠨ ᠪᠤᠳᠤᠯᠭ᠎ᠠ ᠶᠢ ᠳᠡᠮᠡᠴᠡᠨ ᠤᠯᠵᠤ᠂ ᠠᠵᠤ ᠦᠢᠯᠡᠳᠪᠦᠷᠢ ᠶᠢᠨ | ᠴᠠᠬᠢᠭᠤᠷ ᠤᠨ ᠳᠦᠷᠦᠯ ᠵᠦᠢᠯ ᠤᠨ ᠴᠢᠨᠡᠭᠡ ᠪᠠᠷ ᠢᠶᠠᠨ ᠦᠢᠯᠡᠳᠪᠦᠷᠢᠯᠡᠬᠦ ᠶᠢ ᠪᠠᠳᠤᠯᠠᠨ᠎ᠠ᠃ | ᠤᠷᠤᠨ ᠳᠤᠭᠤᠷᠢᠭ ᠤᠨ ᠳᠠᠭᠠᠭᠠᠴᠠ ᠶᠢᠨ ᠴᠢᠳᠠᠪᠦᠷᠢ ᠶᠢ ᠳᠦᠷᠭᠡᠳᠭᠡᠨ ᠳᠡᠭᠡᠰᠢᠯᠡᠬᠦᠯᠦᠨᠡ᠃ ᠴᠢᠳᠠᠪᠬᠢ | ᠪᠠᠷ ᠤᠷᠤᠨ ᠳᠤᠭᠳᠠᠭᠠᠬᠤ ᠳᠤᠭᠤᠷᠢᠨ ᠳᠤ᠂ ᠪᠠᠶᠠᠵᠢᠨ᠎ᠠ ᠠᠵᠤ ᠦᠢᠯᠡᠳᠪᠦᠷᠢ ᠶᠢᠨ ᠳᠤᠭᠤᠷᠢᠭ ᠢ ᠮᠠᠨ ᠬᠤᠰᠢᠭᠤᠨ | ᠤ ᠠᠷᠢᠭᠤᠨ ᠴᠡᠪᠡᠷ ᠡᠨᠧᠷᠬᠢ ᠶᠢᠨ ᠰᠤᠷᠪᠤᠯᠵᠢ ᠦᠢᠯᠡᠳᠪᠦᠷᠢᠯᠡᠨ ᠭᠠᠷᠭᠠᠬᠤ᠂ ᠳᠠᠷᠢᠶᠠᠯᠠᠩ ᠤᠨ ᠪᠦᠲᠦᠭᠡᠭᠳᠡᠬᠦᠨ ᠮᠠᠯ | ᠤᠨ ᠠᠰᠢᠭ ᠰᠢᠮ᠎ᠡ ᠶᠢ ᠨᠠᠷᠢᠯᠢᠭ ᠬᠦᠨ ᠪᠤᠯᠪᠠᠰᠤᠷᠠᠭᠤᠯᠬᠤ ᠪᠠ ᠦᠢᠯᠡᠳᠪᠦᠷᠢᠯᠡᠯ ᠤᠨ ᠴᠢᠨᠠᠷ ᠲᠠᠢ ᠦᠢᠯᠡᠴᠢᠯᠡᠬᠡᠨ ᠢ | ᠳᠦᠪᠯᠡᠷᠡᠬᠦᠯᠦᠨ ᠬᠦᠭᠵᠢᠬᠦᠯᠬᠦ ᠳᠠᠪᠴᠠᠩ ᠪᠤᠯᠭᠠᠨ ᠪᠦᠲᠦᠭᠡᠨ ᠪᠠᠶᠢᠭᠤᠯᠵᠤ᠂ ᠠᠷᠠᠳ ᠢᠶᠠᠨ ᠪᠠᠶᠠᠵᠢᠭᠤᠯᠵᠤ ᠬᠤᠰᠢᠭᠤ | ᠪᠠᠨ ᠬᠦᠴᠦᠷᠭᠡᠭᠵᠢᠬᠦᠯᠬᠦ ᠪᠠᠶᠢᠯᠳᠤᠬᠤ ᠪᠤᠳᠤᠯᠭ᠎ᠠ ᠶᠢ ᠭᠡᠷᠡᠭᠵᠢᠬᠦᠯᠬᠦ ᠴᠢᠬᠤᠯᠠ ᠠᠴᠢᠶᠠᠯᠠᠭᠴᠢ ᠪᠤᠯᠭᠠᠨ᠎ᠠ᠃ ᠤᠰᠤ᠂ | ᠴᠠᠬᠢᠯᠭᠠᠨ᠂ ᠵᠠᠮ ᠱᠤᠭᠤᠮ ᠵᠡᠷᠭᠡ ᠢᠵᠢ ᠪᠦᠷᠢᠳᠦᠬᠦᠯᠬᠦ ᠰᠠᠭᠤᠷᠢ ᠳᠦᠬᠦᠭᠡᠷᠦᠮᠵᠢ ᠶᠢᠨ ᠪᠦᠲᠦᠭᠡᠨ ᠪᠠᠶᠢᠭᠤᠯᠤᠯᠳᠠ | ᠶᠢ ᠳᠦᠷᠭᠡᠳᠭᠡᠨ᠎ᠡ᠃ ᠶᠡᠷᠦᠩᠬᠡᠢ ᠪᠡᠯᠡ ᠤᠷᠤᠭᠤᠯᠤᠯᠳᠠ ᠨᠢ 1000 ᠲᠦᠮᠡᠨ ᠳᠦᠬᠦᠷᠢᠭ ᠤᠨ 40 ᠳ᠋ᠦᠩᠰᠢᠭᠤᠷ | ᠪᠤᠰᠤᠭ᠎ᠠ ᠳᠦᠷᠪᠡᠯᠵᠢᠨ ᠮᠧᠲᠷ ᠤᠨ ᠨᠡᠬᠦᠷᠡᠰᠦ ᠪᠠᠷ ᠰᠢᠳᠠᠮᠠᠬᠠᠢ ᠬᠡᠢ ᠦᠢᠯᠡᠳᠬᠦ ᠳᠦᠷᠦᠯ ᠵᠦᠢᠯ ᠤᠨ ᠪᠠᠷᠢᠯᠭ᠎ᠠ ᠶᠢᠨ | ᠬᠤᠭᠤᠴᠠᠭᠠᠨ ᠤ ᠴᠠᠬᠢᠯᠭᠠᠨ ᠬᠠᠩᠭᠠᠬᠤ ᠪᠠ ᠤᠰᠤ ᠬᠠᠩᠭᠠᠬᠤ ᠢᠨᠵᠧᠨᠧᠷᠢᠩ ᠢ ᠠᠵᠢᠯ ᠡᠬᠢᠯᠡᠬᠦᠯᠦᠨ ᠪᠦᠲᠦᠭᠡᠨ | ᠪᠠᠶᠢᠭᠤᠯᠤᠨ᠎ᠠ᠃ ᠪᠦᠷᠢᠶᠠᠳ ᠠᠵᠤ ᠦᠢᠯᠡᠰ ᠤᠨ ᠳᠤᠭᠤᠷᠢᠭ ᠤᠨ ᠳᠦᠭᠰᠢᠬᠦᠷᠢᠲᠡᠢ ᠬᠠᠶᠠᠭᠳᠠᠮᠠᠯ ᠪᠤᠳᠠᠰ ᠢ | ᠰᠢᠢᠳᠪᠦᠷᠢᠯᠡᠬᠦ ᠳᠦᠷᠦᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠦᠷᠨᠢᠬᠦᠯᠵᠤ᠂ ᠤᠷᠤᠨ ᠪᠠᠶᠢᠷᠢᠰᠢᠯ ᠤᠨ | ᠭᠤᠤᠯ ᠪᠤᠬᠢᠷᠳᠤᠯ ᠪᠤᠳᠠᠰ ᠢ ᠪᠠᠭᠠᠰᠬᠠᠬᠤ ᠳᠦᠰᠦᠯ ᠢ ᠨᠠᠶᠢᠷᠠᠭᠤᠯᠤᠨ ᠵᠤᠬᠢᠶᠠᠨ᠎ᠠ᠃ ᠳᠦᠯᠦᠪᠵᠢᠬᠦᠯᠭᠡ ᠶᠢ | ᠨᠠᠶᠢᠷᠠᠭᠤᠯᠤᠨ ᠵᠤᠬᠢᠶᠠᠬᠤ ᠰᠢᠨᠵᠢᠯᠡᠬᠦ ᠤᠬᠠᠭᠠᠨᠴᠢ ᠴᠢᠨᠠᠷ᠂ ᠦᠷᠬᠦᠯᠵᠢᠯᠡᠯ ᠤᠨ ᠴᠢᠨᠠᠷ ᠪᠠ ᠠᠵᠢᠯᠯᠠᠭᠤᠯᠵᠤ ᠪᠤᠯᠬᠤ | ᠴᠢᠨᠠᠷ ᠢ ᠴᠢᠩᠭᠠᠷᠠᠭᠤᠯᠵᠤ᠂ ᠠᠮᠠᠰᠠᠷ ᠤᠨ ᠠᠵᠤ ᠦᠢᠯᠡᠰ ᠤᠨ ᠳᠤᠭᠤᠷᠢᠭ ᠤᠨ ᠡᠯ᠎ᠡ ᠳᠦᠷᠦᠯ ᠤᠨ ᠳᠤᠰᠬᠠᠢ ᠵᠦᠢᠯ | ᠤᠨ ᠳᠦᠯᠦᠪᠵᠢᠬᠦᠯᠭᠡ ᠶᠢ ᠨᠠᠶᠢᠷᠠᠭᠤᠯᠤᠨ ᠵᠤᠬᠢᠶᠠᠬᠤ ᠠᠵᠢᠯ ᠢ ᠡᠬᠢᠯᠡᠬᠦᠯᠦᠨ᠎ᠡ᠃ | ︵ᠬᠤᠶᠠᠷ︶ ᠳᠠᠷᠢᠶᠠᠯᠠᠩ ᠮᠠᠯ ᠠᠵᠤ ᠠᠬᠤᠢ ᠶᠢᠨ ᠰᠠᠭᠤᠷᠢ ᠶᠢᠨ ᠪᠠᠶᠢᠷᠢᠨ ᠢ ᠴᠢᠩᠭᠠᠷᠠᠭᠤᠯᠵᠤ᠂ | ᠳᠠᠷᠢᠶᠠᠯᠠᠩ ᠮᠠᠯ ᠠᠵᠤ ᠠᠬᠤᠢ ᠶᠢᠨ ᠤᠳᠤᠬᠢᠴᠢᠯᠠᠯᠳᠠ ᠶᠢᠨ ᠠᠬᠢᠴᠠ ᠶᠢ ᠬᠦᠴᠦᠯᠡᠨ ᠳᠦᠷᠭᠡᠳᠭᠡᠨ᠎ᠡ᠃ ᠳᠠᠷᠢᠶᠠᠯᠠᠩ | ᠮᠠᠯ ᠠᠵᠤ ᠠᠬᠤᠢ ᠶᠢ ᠴᠢᠩᠭᠠᠷᠠᠭᠤᠯᠵᠤ᠂ ᠮᠠᠯᠴᠢᠨ ᠳᠠᠷᠢᠶᠠᠴᠢᠨ ᠢ ᠪᠠᠶᠠᠵᠢᠭᠤᠯᠤᠨ᠂ ᠮᠠᠯᠵᠢᠬᠤ ᠳᠠᠷᠢᠶᠠᠯᠠᠬᠤ ᠤᠷᠤᠨ | ᠢ ᠪᠠᠳᠠᠷᠠᠨ ᠬᠦᠭᠵᠢᠬᠦᠯᠬᠦ ᠳᠤᠭᠤᠷᠢᠨ ᠳᠤ᠂ ᠳᠠᠷᠢᠶᠠᠯᠠᠩ ᠮᠠᠯ ᠠᠵᠤ ᠠᠬᠤᠢ ᠶᠢᠨ ᠬᠠᠩᠭᠠᠯᠭ᠎ᠠ ᠶᠢᠨ ᠳᠠᠯ᠎ᠠ ᠶᠢᠨ | ᠪᠦᠲᠦᠴᠡ ᠶᠢᠨ ᠴᠢᠨᠠᠷ ᠲᠠᠢ ᠦᠭᠡᠷᠡᠴᠢᠯᠡᠯᠲᠡ ᠪᠠᠷ ᠭᠤᠤᠯ ᠱᠤᠭᠤᠮ ᠪᠤᠯᠭᠠᠨ᠂ ᠬᠦᠭᠵᠢᠯᠲᠡ ᠶᠢᠨ ᠬᠡᠯᠪᠡᠷᠢ ᠶᠢ | ᠬᠤᠪᠢᠷᠠᠭᠤᠯᠤᠨ᠂ ᠮᠠᠯᠵᠢᠬᠤ ᠳᠠᠷᠢᠶᠠᠯᠠᠬᠤ ᠤᠷᠤᠨ ᠤ ᠠᠵᠤ ᠦᠢᠯᠡᠰ ᠤᠨ ᠠᠭᠤᠰᠤᠯᠴᠠᠯ ᠢ ᠠᠬᠢᠭᠤᠯᠵᠤ᠂ ᠪᠤᠬᠢᠷᠳᠤᠯ | ᠦᠬᠡᠢ ᠳᠠᠷᠢᠶᠠᠯᠠᠩ ᠤᠨ ᠪᠦᠲᠦᠭᠡᠭᠳᠡᠬᠦᠨ ᠮᠠᠯ ᠤᠨ ᠠᠰᠢᠭ ᠰᠢᠮ᠎ᠡ ᠶᠢ ᠦᠢᠯᠡᠳᠪᠦᠷᠢᠯᠡᠨ ᠪᠤᠯᠪᠠᠰᠤᠷᠠᠭᠤᠯᠬᠤ | ᠰᠠᠭᠤᠷᠢᠨ ᠢ ᠪᠤᠢ ᠪᠤᠯᠭᠠᠨ᠎ᠠ᠃ | ᠳᠠᠷᠢᠶᠠᠯᠠᠩ ᠮᠠᠯ ᠠᠵᠤ ᠠᠬᠤᠢ ᠶᠢᠨ ᠤᠷᠤᠨ ᠪᠠᠶᠢᠷᠢᠰᠢᠯ ᠢ ᠰᠢᠯᠢᠳᠡᠭᠵᠢᠬᠦᠯᠦᠨ᠎ᠡ᠃ ᠡᠬᠢ ᠪᠠᠶᠠᠯᠢᠭ ᠤᠨ | ᠤᠷᠴᠢᠨ ᠳᠤᠭᠤᠷᠢᠨ ᠤ ᠳᠠᠭᠠᠭᠠᠴᠠ ᠶᠢᠨ ᠴᠢᠳᠠᠪᠦᠷᠢ ᠪᠠᠷ ᠰᠠᠭᠤᠷᠢ ᠪᠤᠯᠭᠠᠨ᠂ ᠡᠯ᠎ᠡ ᠭᠠᠵᠠᠷ ᠤᠨ ᠨᠡᠯᠢᠶᠡᠳ | ᠳᠠᠪᠠᠭᠤᠯᠢᠭ ᠢ ᠬᠦᠢᠴᠡᠳ ᠪᠠᠳᠠᠷᠠᠭᠤᠯᠵᠤ᠂ ᠳᠤᠬᠠᠢ ᠶᠢᠨ ᠭᠠᠵᠠᠷ ᠤᠨ ᠪᠠᠶᠢᠳᠠᠯ ᠠᠴᠠ ᠨᠢ ᠡᠬᠦᠰᠴᠦ᠂ ᠳᠠᠷᠢᠶᠠᠯᠠᠩ | ᠮᠠᠯ ᠠᠵᠤ ᠠᠬᠤᠢ ᠶᠢ ᠬᠦᠭᠵᠢᠬᠦᠯᠵᠤ᠂ ᠳᠠᠷᠢᠶᠠᠯᠠᠩ ᠮᠠᠯ ᠠᠵᠤ ᠠᠬᠤᠢ ᠶᠢᠨ ᠬᠦᠭᠵᠢᠯᠲᠡ ᠬᠢᠭᠡᠳ ᠡᠬᠢ ᠪᠠᠶᠠᠯᠢᠭ | ᠤᠨ ᠤᠷᠴᠢᠨ ᠳᠤᠭᠤᠷᠢᠨ ᠤ ᠬᠤᠤᠰᠯᠠᠯᠴᠠᠬᠤ ᠬᠡᠮᠵᠢᠶ᠎ᠡ ᠶᠢ ᠳᠡᠭᠡᠭᠰᠢᠯᠡᠬᠦᠯᠵᠤ᠂ ᠰᠢᠨᠵᠢᠯᠡᠬᠦ ᠤᠬᠠᠭᠠᠨᠴᠢ | ᠳᠤᠬᠢᠷᠠᠮᠵᠢᠳᠠᠢ᠂ ᠳᠤᠰᠬᠠᠶᠢᠵᠢᠭᠰᠠᠨ ᠤᠷᠤᠨ ᠪᠠᠶᠢᠷᠢᠰᠢᠯ ᠤᠨ ᠦᠢᠯᠡᠳᠪᠦᠷᠢᠯᠡᠯ ᠤᠨ ᠪᠦᠲᠦᠴᠡ ᠶᠢ ᠪᠤᠢ ᠪᠤᠯᠭᠠᠨ᠎ᠠ᠃ | ᠡᠮᠦᠨ᠎ᠡ ᠬᠡᠰᠡᠭ ᠤᠨ ᠠᠮᠢ ᠠᠬᠤᠢ ᠰᠡᠶᠢᠷᠡᠭ ᠭᠠᠵᠠᠷ ᠤᠷᠤᠨ ᠢ ᠠᠮᠢ ᠠᠬᠤᠢ ᠶᠢ ᠳᠡᠷᠢᠬᠦᠨ ᠳᠤ ᠳᠠᠯᠪᠢᠵᠤ᠂ | ᠬᠠᠮᠠᠭᠠᠯᠠᠨ ᠬᠦᠭᠵᠢᠬᠦ ᠵᠠᠮ ᠢᠶᠠᠷ ᠵᠠᠮᠨᠠᠭᠤᠯᠵᠤ᠂ ︽ᠬᠤᠨᠢ ᠶᠢ ᠪᠠᠭᠠᠰᠬᠠᠨ ᠦᠭᠡᠷ ᠤᠨ ᠳᠤᠭ᠎ᠠ ᠳᠤᠯᠤᠭᠠᠢ ᠶᠢ | ᠨᠡᠮᠡᠭᠳᠡᠬᠦᠯᠬᠦ︾ ᠶᠢ ᠪᠠᠷᠢᠮᠳᠠᠯᠠᠵᠤ᠂ ᠰᠢᠯᠢᠳᠡᠭ ᠮᠢᠬᠠᠨ ᠤ ᠦᠬᠡᠷ ᠢ ᠬᠠᠰᠢᠶᠠᠯᠠᠨ ᠳᠡᠵᠢᠬᠡᠵᠤ ᠪᠤᠷᠳᠤᠬᠤ ᠶᠢ | ᠠᠬᠢᠭᠤᠯᠵᠤ᠂ ︽ᠠᠮᠤ ᠪᠤᠳᠠᠭ᠎ᠠ ᠶᠢ ᠡᠪᠡᠰᠦ ᠪᠤᠷᠳᠤᠭ᠎ᠠ ᠪᠤᠯᠭᠠᠨ ᠬᠤᠪᠢᠷᠠᠭᠤᠯᠬᠤ᠂ ᠠᠮᠤ ᠪᠤᠳᠠᠭ᠎ᠠ ᠶᠢ ᠡᠪᠡᠰᠦ | ᠪᠤᠯᠭᠠᠨ ᠬᠤᠪᠢᠷᠠᠭᠤᠯᠬᠤ︾ ᠶᠢ ᠳᠡᠯᠬᠡᠷᠡᠬᠦᠯᠵᠤ᠂ ᠨᠤᠭᠤᠭᠠᠨ ᠳᠠᠷᠤᠰᠢ᠂ ᠰᠢᠯᠢᠳᠡᠭ ᠡᠪᠡᠰᠦ ᠤᠷᠭᠤᠮᠠᠯ᠂ ᠤᠯᠠᠭᠠᠨ᠎ᠠ᠂ | ᠤᠰᠤᠨ ᠳᠤᠳᠤᠷᠭ᠎ᠠ ᠵᠡᠷᠭᠡ ᠳᠠᠷᠢᠮᠠᠯ ᠤᠨ ᠳᠠᠯᠠᠪᠠᠢ ᠶᠢ ᠦᠷᠭᠡᠳᠭᠡᠨ᠎ᠡ᠃ ᠳᠤᠮᠳᠠ ᠬᠡᠰᠡᠭ ᠤᠨ ᠳᠠᠷᠢᠶᠠᠯᠠᠩ ᠮᠠᠯᠵᠢᠯ | ᠰᠤᠯᠪᠢᠴᠠᠭᠰᠠᠨ ᠭᠠᠵᠠᠷ ᠤᠷᠤᠨ ᠢ ᠴᠤᠭᠷᠠᠯᠠᠭᠤᠯᠤᠨ ᠰᠢᠯᠵᠢᠬᠦᠯᠵᠤ᠂ ᠡᠷᠴᠢᠮᠵᠢᠬᠦᠯᠦᠨ ᠬᠦᠭᠵᠢᠬᠦᠯᠬᠦ ᠵᠠᠮ ᠢᠶᠠᠷ | ᠵᠠᠮᠨᠠᠭᠤᠯᠵᠤ᠂ ︽ᠵᠢᠯ ᠳᠤ ᠪᠤᠷᠳᠤᠨ ᠳᠠᠷᠭᠤᠯᠠᠭᠤᠯᠬᠤ᠂ ᠳᠦᠷᠪᠡᠨ ᠤᠯᠠᠷᠢᠯ ᠬᠤᠳᠠᠯᠳᠤᠬᠤ︾ ᠤᠳᠤ ᠦᠶ᠎ᠡ ᠶᠢᠨ | ᠳᠡᠵᠢᠬᠡᠨ ᠦᠷᠡᠵᠢᠬᠦᠯᠬᠦ ᠬᠡᠪ ᠵᠠᠭᠪᠤᠷ ᠢ ᠪᠤᠢ ᠪᠤᠯᠭᠠᠨ᠂ ᠠᠳᠤᠭᠤ᠂ ᠮᠢᠬᠠᠨ ᠤ ᠦᠬᠡᠷ ᠵᠢᠴᠢ ᠮᠢᠬᠠᠨ ᠤ ᠬᠤᠨᠢ ᠶᠢᠨ | ᠡᠬᠦᠯᠳᠡᠷ ᠢ ᠰᠠᠶᠢᠵᠢᠷᠠᠭᠤᠯᠵᠤ ᠬᠠᠰᠢᠶᠠᠯᠠᠨ ᠳᠡᠵᠢᠬᠡᠵᠤ ᠪᠤᠷᠳᠤᠬᠤ ᠪᠠ ᠳᠠᠤᠯᠠᠢ ᠳᠡᠵᠢᠬᠡᠨ ᠦᠷᠡᠵᠢᠬᠦᠯᠬᠦ ᠠᠵᠤ | ᠦᠢᠯᠡᠰ ᠢ ᠳᠡᠯᠬᠡᠷᠡᠬᠦᠯᠵᠤ᠂ ᠢᠳᠡᠰᠢᠨ ᠮᠦᠬᠦ᠂ ᠬᠢᠳᠠᠳ ᠡᠮ ᠤᠨ ᠮᠠᠲ᠋ᠧᠷᠢᠶᠠᠯ ᠪᠠ ᠳᠦᠬᠦᠭᠡᠷᠦᠮᠵᠢᠲᠦ ᠳᠠᠷᠢᠶᠠᠯᠠᠩ | ᠤᠨ ᠬᠦᠭᠵᠢᠯᠳᠡ ᠶᠢ ᠠᠬᠢᠭᠤᠯᠤᠨ᠎ᠠ᠃ ᠬᠤᠶᠢᠲᠦ ᠬᠡᠰᠡᠭ ᠤᠨ ᠤᠰᠤ ᠰᠢᠷᠤᠢ ᠶᠢᠨ ᠡᠬᠢ ᠪᠠᠶᠠᠯᠢᠭ ᠨᠡᠯᠢᠶᠡᠳ ᠰᠠᠶᠢᠨ | ᠭᠠᠵᠠᠷ ᠤᠷᠤᠨ ᠢ ︽ᠬᠤᠨᠢ ᠶᠢᠨ ᠳᠤᠭ᠎ᠠ ᠶᠢ ᠳᠤᠭᠳᠠᠭᠤᠨ ᠪᠠᠶᠢᠯᠭᠠᠵᠤ ᠦᠭᠡᠷ ᠤᠨ ᠳᠤᠭ᠎ᠠ ᠶᠢ ᠨᠡᠮᠡᠭᠳᠡᠬᠦᠯᠬᠦ︾᠂ | ︽ᠠᠮᠤ ᠪᠤᠳᠠᠭᠠᠨ ᠤ ᠳᠠᠷᠢᠮᠠᠯ ᠢ ᠠᠵᠤ ᠠᠬᠤᠢ ᠶᠢᠨ ᠳᠠᠷᠢᠮᠠᠯ ᠪᠤᠯᠭᠠᠨ ᠬᠤᠪᠢᠷᠠᠭᠤᠯᠬᠤ︾ ᠶᠢ ᠪᠠᠷᠢᠮᠳᠠᠯᠠᠵᠤ᠂ | ᠪᠠᠭᠤᠷᠠᠢ ᠡᠬᠦᠯᠳᠡᠷ ᠤᠨ ᠮᠠᠯ ᠳᠡᠵᠢᠬᠡᠪᠦᠷᠢ ᠶᠢ ᠰᠢᠯᠢᠳᠡᠭ ᠡᠬᠦᠯᠳᠡᠷ ᠤᠨ ᠮᠠᠯ ᠳᠡᠵᠢᠬᠡᠪᠦᠷᠢ ᠪᠤᠯᠭᠠᠨ ᠰᠤᠯᠢᠬᠤ ᠶᠢ | ᠠᠬᠢᠭᠤᠯᠵᠤ᠂ ᠮᠢᠬᠠᠨ ᠤ ᠬᠤᠨᠢ ᠶᠢ ᠳᠡᠵᠢᠬᠡᠨ ᠦᠷᠡᠵᠢᠬᠦᠯᠬᠦ ᠳᠠᠪᠠᠭᠤᠯᠢᠭ ᠢ ᠪᠠᠳᠤᠯᠠᠬᠰᠠᠨ ᠰᠠᠭᠤᠷᠢᠨ ᠳᠡᠭᠡᠷ᠎ᠡ᠂ | ᠦᠭᠡᠷ᠂ ᠡᠯᠵᠢᠬᠡ ᠳᠡᠵᠢᠬᠡᠨ ᠦᠷᠡᠵᠢᠬᠦᠯᠬᠦ ᠠᠵᠤ ᠦᠢᠯᠡᠰ ᠢ ᠦᠷᠭᠡᠳᠭᠡᠵᠤ᠂ ᠬᠤᠯᠢᠮᠠᠭ ᠠᠮᠤ ᠬᠤᠯᠢᠮᠠᠭ ᠪᠤᠷᠴᠠᠭ᠂ | ᠰᠢᠯᠢᠮᠳᠡᠭ ᠪᠠ ᠨᠠᠷᠠᠨᠬᠤᠸᠠᠷ ᠵᠡᠷᠭᠡ ᠳᠠᠪᠠᠭᠤᠯᠢᠭ ᠠᠵᠤ ᠦᠢᠯᠡᠰ ᠤᠨ ᠬᠦᠭᠵᠢᠯᠲᠡ ᠶᠢ ᠠᠬᠢᠭᠤᠯᠤᠨ᠎ᠠ᠃ | ᠳᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰ ᠤᠨ ᠪᠦᠲᠦᠴᠡ ᠶᠢ ᠳᠤᠬᠢᠷᠠᠭᠤᠯᠤᠨ᠎ᠠ᠃ ᠠᠮᠤ | ᠪᠤᠳᠠᠭ᠎ᠠ ᠠᠵᠤ ᠠᠬᠤᠢ ᠶᠢᠨ ᠳᠠᠷᠢᠮᠠᠯ ᠡᠪᠡᠰᠦ ᠪᠤᠷᠳᠤᠭ᠎ᠠ ᠶᠢ ᠵᠤᠬᠢᠴᠠᠭᠤᠯᠤᠨ ᠬᠦᠭᠵᠢᠬᠦᠯᠬᠦ ᠭᠤᠷᠪᠠᠨ ᠡᠰᠢᠲᠦ | ᠳᠠᠷᠢᠮᠠᠯ ᠤᠨ ᠪᠦᠲᠦᠴᠡ ᠶᠢ ᠳᠦᠷᠭᠡᠳᠭᠡᠨ ᠪᠤᠢ ᠪᠤᠯᠭᠠᠵᠤ᠂ ︽ᠠᠵᠤ ᠠᠬᠤᠶᠢᠯᠠᠯ+ ᠬᠤᠷᠰᠢᠶᠠᠵᠢᠯ︾᠂ ︽ᠠᠵᠤ | ᠠᠬᠤᠶᠢᠯᠠᠯ+ ᠰᠠᠭᠤᠷᠢᠨ+ ᠮᠠᠯᠴᠢᠨ ᠳᠠᠷᠢᠶᠠᠴᠢᠨ︾ ᠤ ᠬᠡᠪ ᠵᠠᠭᠪᠤᠷ ᠢ ᠢᠳᠡᠪᠬᠢᠲᠡᠢ ᠠᠬᠢᠭᠤᠯᠵᠤ᠂ ᠠᠰᠢᠭ | ᠳᠤᠰᠠ ᠶᠢᠨ ᠵᠠᠯᠭᠠᠯᠳᠤᠬᠤ ᠳᠤᠭᠳᠠᠴᠠ ᠶᠢ ᠳᠡᠬᠦᠯᠳᠡᠷᠵᠢᠬᠦᠯᠦᠨ᠂ ᠳᠠᠪᠠᠭᠤᠯᠢᠭ ᠤᠨᠴᠠᠯᠢᠭᠲᠦ ᠳᠠᠷᠢᠮᠠᠯ ᠤᠨ ᠵᠦᠢᠯᠡᠰ | ᠤᠨ ᠬᠦᠭᠵᠢᠯᠲᠡ ᠶᠢ ᠳᠡᠯᠬᠡᠷᠡᠬᠦᠯᠦᠨ᠎ᠡ᠃ ᠠᠮᠤ ᠪᠤᠳᠠᠭ᠎ᠠ ᠶᠢᠨ ᠳᠠᠷᠢᠮᠠᠯ ᠤᠨ ᠳᠠᠯ᠎ᠠ ᠪᠠᠷ᠂ ᠡᠷᠳᠡᠨᠢ ᠰᠢᠰᠢ ᠳᠠᠷᠢᠬᠤ | ᠳᠠᠯᠠᠪᠠᠢ ᠶᠢ 10 ᠲᠦᠮᠡᠨ ᠮᠤ᠋ ᠪᠠᠭᠠᠰᠬᠠᠵᠤ᠂ ᠪᠤᠰᠤᠳ ᠠᠮᠤ ᠪᠤᠳᠠᠭᠠᠨ ᠤ ᠳᠠᠷᠢᠮᠠᠯ ᠤᠨ ᠵᠦᠢᠯᠡᠰ ᠤᠨ ᠳᠠᠯᠠᠪᠠᠢ ᠶᠢ | 65 ᠲᠦᠮᠡᠨ ᠳᠤ ᠬᠦᠷᠭᠡᠵᠤ᠂ ᠡᠬᠦᠨ ᠳᠤ᠂ ᠳᠦᠮᠦᠰᠦ ᠶᠢ 4 ᠲᠦᠮᠡᠨ ᠮᠤ᠋᠂ ᠰᠢᠰᠢ ᠶᠢ 5 ᠲᠦᠮᠡᠨ ᠮᠤ᠋᠂ | ᠪᠤᠭᠤᠳᠠᠢ ᠶᠢ 20 ᠲᠦᠮᠡᠨ ᠮᠤ᠋᠂ ᠨᠠᠷᠢᠮᠤ ᠶᠢ 5 ᠲᠦᠮᠡᠨ ᠮᠤ᠋᠂ ᠪᠤᠷᠴᠠᠭ ᠤᠨ ᠵᠦᠢᠯ ᠢ 14.5 ᠲᠦᠮᠡᠨ᠂ ᠠᠷᠪᠠᠢ | ᠵᠡᠷᠭᠡ ᠪᠤᠰᠤᠳ ᠠᠮᠤ ᠳᠠᠷᠢᠶ᠎ᠠ ᠶᠢ 6.5 ᠲᠦᠮᠡᠨ ᠮᠤ᠋ ᠳᠠᠷᠢᠨ᠎ᠠ᠃ ᠤᠰᠤᠨ ᠳᠤᠳᠤᠷᠭ᠎ᠠ ᠶᠢᠨ ᠳᠠᠯᠠᠪᠠᠢ ᠶᠢ | ᠦᠷᠭᠡᠳᠭᠡᠨ᠂ 5 ᠲᠦᠮᠡᠨ ᠮᠤ᠋ ᠶᠢ ᠳᠤᠭᠳᠠᠭᠤᠨ ᠪᠠᠶᠢᠯᠭᠠᠭᠰᠠᠨ ᠰᠠᠭᠤᠷᠢᠨ ᠳᠡᠭᠡᠷ᠎ᠡ ᠴᠢᠳᠠᠬᠤ ᠶᠢᠨ ᠬᠢᠷᠢ ᠪᠠᠷ 5 | ᠲᠦᠮᠡᠨ ᠮᠤ᠋ ᠦᠷᠭᠡᠳᠭᠡᠨ ᠳᠠᠷᠢᠨ᠎ᠠ᠃ ᠠᠵᠤ ᠠᠬᠤᠢ ᠶᠢᠨ ᠳᠠᠷᠢᠮᠠᠯ ᠤᠨ ᠳᠠᠯ᠎ᠠ ᠪᠠᠷ᠂ ᠡᠮᠦᠨ᠎ᠡ ᠬᠡᠰᠡᠭ ᠤᠨ ᠰᠤᠮᠤ | ᠪᠠᠯᠭᠠᠰᠤᠨ ᠤ ᠤᠯᠠᠭᠠᠨ᠎ᠠ ᠶᠢᠨ ᠰᠠᠭᠤᠷᠢᠨ ᠤ ᠰᠠᠭᠤᠷᠢ ᠳᠦᠬᠦᠭᠡᠷᠦᠮᠵᠢ ᠶᠢᠨ ᠪᠦᠲᠦᠭᠡᠨ ᠪᠠᠶᠢᠭᠤᠯᠤᠯᠳᠠ ᠶᠢᠨ | ᠬᠦᠴᠦᠯᠡᠴᠡ ᠶᠢ ᠨᠡᠮᠡᠭᠳᠡᠬᠦᠯᠵᠤ᠂ ᠤᠯᠠᠭᠠᠨ᠎ᠠ ᠳᠠᠷᠢᠬᠤ ᠳᠠᠯᠠᠪᠠᠢ ᠶᠢ ᠪᠦᠲᠦᠮᠵᠢᠲᠡᠢ ᠦᠷᠭᠡᠳᠭᠡᠵᠤ᠂ ᠤᠶᠢᠷ᠎ᠠ ᠶᠢᠨ | ᠬᠤᠭᠤᠴᠠᠭᠠᠨ ᠤ 5 ᠲᠦᠮᠡᠨ ᠮᠤ᠋᠂ ᠬᠤᠶᠢᠰᠢᠳᠠ ᠶᠢᠨ ᠬᠤᠭᠤᠴᠠᠭᠠᠨ ᠤ 10 ᠲᠦᠮᠡᠨ ᠮᠤ᠋ ᠶᠢᠨ ᠠᠵᠤ ᠦᠢᠯᠡᠰ ᠤᠨ | ᠰᠠᠭᠤᠷᠢᠨ ᠤ ᠳᠦᠯᠦᠪᠵᠢᠬᠦᠯᠭᠡ ᠶᠢ ᠰᠠᠶᠢᠳᠦᠷ ᠬᠢᠨ᠎ᠡ᠃ᠡᠪᠡᠰᠦ ᠪᠤᠷᠳᠤᠭ᠎ᠠ ᠶᠢᠨ ᠳᠠᠷᠢᠮᠠᠯ ᠤᠨ ᠳᠠᠯ᠎ᠠ ᠪᠠᠷ᠂ ᠠᠮᠤ | ᠪᠤᠳᠠᠭ᠎ᠠ ᠡᠪᠡᠰᠦ ᠪᠤᠷᠳᠤᠭ᠎ᠠ ᠶᠢ ᠬᠠᠪᠰᠤᠷᠭᠠᠭᠰᠠᠨ ᠬᠡᠯᠪᠡᠷᠢ ᠶᠢᠨ ᠳᠠᠷᠢᠶᠠᠯᠠᠩ ᠪᠠ ᠡᠪᠡᠰᠦ ᠪᠤᠷᠳᠤᠭ᠎ᠠ ᠠᠮᠤ ᠪᠤᠳᠠᠭ᠎ᠠ | ᠶᠢᠨ ᠮᠠᠯ ᠠᠵᠤ ᠠᠬᠤᠢ ᠶᠢ ᠶᠡᠬᠡᠪᠡᠷ ᠬᠦᠭᠵᠢᠬᠦᠯᠵᠤ᠂ ᠦᠪᠦᠷ ᠮᠤᠩᠭᠤᠯ ᠤᠨ ᠳᠠᠯ᠎ᠠ ᠨᠤᠳᠤᠭ ᠤᠨ ᠡᠪᠡᠰᠦᠨ ᠤ | ᠦᠢᠯᠡᠰ᠂ ᠪᠡᠬᠡᠵᠢᠩ ᠤᠨ ᠵᠢᠢ ᠰᠢᠩ ᠤᠯᠠᠨ ᠤᠯᠤᠰ ᠵᠡᠷᠭᠡ ᠠᠵᠤ ᠠᠬᠤᠶᠢᠯᠠᠯ ᠢ ᠳᠠᠳᠠᠨ ᠤᠷᠤᠭᠤᠯᠵᠤ᠂ ᠳᠦᠷᠦ | ᠶᠢᠨ ᠪᠤᠳᠤᠯᠭ᠎ᠠ ᠶᠢᠨ ᠳᠦᠷᠦᠯ ᠵᠦᠢᠯ ᠤᠨ ᠨᠦᠬᠦᠪᠦᠷᠢ ᠦᠭᠬᠦ᠂ ᠠᠵᠤ ᠠᠬᠤᠶᠢᠯᠠᠯ ᠢᠶᠠᠷ ᠳᠠᠶᠢᠴᠢᠯᠠᠬᠤ᠂ ᠮᠠᠯᠴᠢᠨ | ᠳᠠᠷᠢᠶᠠᠴᠢᠨ ᠤᠷᠤᠯᠴᠠᠬᠤ ᠪᠠᠷ ᠳᠠᠮᠵᠢᠨ᠂ ᠡᠪᠡᠰᠦ ᠪᠤᠷᠳᠤᠭ᠎ᠠ ᠶᠢ ᠬᠡᠪᠴᠢᠶᠡᠵᠢᠬᠦᠯᠦᠨ ᠳᠠᠷᠢᠬᠤ ᠶᠢ ᠠᠬᠢᠭᠤᠯᠵᠤ᠂ | ᠡᠪᠡᠰᠦ ᠤᠷᠭᠤᠮᠠᠯ ᠢ 18 ᠲᠦᠮᠡᠨ ᠮᠤ᠋᠂ ᠨᠤᠭᠤᠭᠠᠨ ᠳᠠᠷᠤᠰᠢ ᠶᠢ 50 ᠲᠦᠮᠡᠨ ᠮᠤ᠋ ᠳᠠᠷᠢᠬᠤ ᠶᠢ ᠪᠡᠶᠡᠯᠡᠬᠦᠯᠦᠨ᠎ᠡ᠃ | ︽ᠡᠪᠡᠰᠦᠨ ᠤ ᠦᠢᠯᠡᠰ ᠤᠨ ᠬᠦᠭᠵᠢᠯᠲᠡ ᠶᠢᠨ ᠳᠦᠯᠦᠪᠵᠢᠬᠦᠯᠭᠡ ︵50 ᠲᠦᠮᠡᠨ ᠮᠤ᠋︶︾ ᠶᠢ ᠨᠠᠶᠢᠷᠠᠭᠤᠯᠤᠨ | ᠵᠤᠬᠢᠶᠠᠵᠤ ᠳᠠᠭᠤᠰᠬᠠᠨ᠎ᠠ᠃ ᠳᠡᠵᠢᠬᠡᠨ ᠦᠷᠡᠵᠢᠬᠦᠯᠬᠦ ᠦᠢᠯᠡᠰ ᠤᠨ ᠳᠠᠯ᠎ᠠ ᠪᠠᠷ᠂ ᠦᠨᠳᠦᠷ ᠠᠰᠢᠭᠲᠦ | ᠬᠡᠪᠴᠢᠶᠡᠵᠢᠬᠦᠯᠦᠨ ᠳᠡᠵᠢᠬᠡᠨ ᠦᠷᠡᠵᠢᠬᠦᠯᠬᠦ ᠦᠢᠯᠡᠰ ᠢ ᠬᠦᠭᠵᠢᠬᠦᠯᠬᠦ ᠬᠠᠷᠠᠯᠳᠠ ᠶᠤᠰᠤᠭᠠᠷ᠂ ︽ᠬᠤᠨᠢ ᠶᠢᠨ | ᠡᠬᠦᠯᠳᠡᠷ ᠢ ᠰᠠᠶᠢᠵᠢᠷᠠᠭᠤᠯᠵᠤ᠂ ᠦᠭᠡᠷ ᠠᠳᠤᠭᠤ ᠡᠯᠵᠢᠬᠡ ᠶᠢ ᠬᠦᠭᠵᠢᠬᠦᠯᠬᠦ᠂ ᠭᠠᠭ᠋ᠠᠢ ᠳᠠᠤᠯᠠᠢ ᠵᠢᠬᠦᠷᠳᠡᠨ ᠢ | ᠦᠷᠭᠡᠳᠬᠡᠬᠦ︾ ᠰᠡᠳᠬᠢᠴᠡ ᠶᠢ ᠪᠠᠶᠢᠭᠤᠯᠵᠤ᠂ ︽ᠦᠷ᠎ᠡ ᠶᠢᠨ ᠢᠨᠵᠧᠨᠧᠷᠢᠩ︾ ᠢ ᠴᠢᠩᠭ᠎ᠠ ᠠᠳᠬᠤᠵᠤ᠂ ᠰᠠᠶᠢᠨ | ᠡᠬᠦᠯᠳᠡᠷ ᠢ ᠪᠤᠶᠢᠵᠢᠭᠤᠯᠬᠤ ᠰᠢᠰᠲ᠋ᠧᠮᠵᠢ ᠶᠢᠨ ᠪᠠᠶᠢᠭᠤᠯᠤᠯᠳᠠ ᠶᠢ ᠳᠦᠷᠭᠡᠳᠭᠡᠨ᠂ 5 ᠲᠦᠮᠡᠨ ᠳᠤᠯᠤᠭᠠᠢ ᠮᠢᠬᠠᠨ ᠤ | ᠦᠭᠡᠷ ᠲᠤ ᠢᠴᠢᠭᠡᠯ ᠦᠷ᠎ᠡ ᠶᠢᠨ ᠬᠡᠬᠡᠯᠳᠦᠯᠬᠡ ᠬᠢᠵᠤ ᠡᠬᠦᠯᠳᠡᠷ ᠰᠠᠶᠢᠵᠢᠷᠠᠭᠤᠯᠬᠤ ᠶᠢ ᠪᠡᠶᠡᠯᠡᠬᠦᠯᠵᠤ᠂ ᠰᠢᠯᠢᠳᠡᠭ | ᠦᠷ᠎ᠡ ᠶᠢᠨ ᠬᠤᠨᠢ ︵ᠬᠤᠴᠠ︶ ᠶᠢ 1 ᠲᠦᠮᠡᠨ ᠳᠤᠯᠤᠭᠠᠢ ᠤᠷᠤᠭᠤᠯᠵᠤ᠂ 10 ᠲᠦᠮᠡᠨ ᠳᠤᠯᠤᠭᠠᠢ ᠠᠴᠠ | ᠳᠡᠭᠡᠭᠰᠢ ᠮᠢᠬᠠᠨ ᠤ ᠬᠤᠨᠢᠨ ᠤ ᠡᠬᠦᠯᠳᠡᠷ ᠢ ᠰᠠᠶᠢᠵᠢᠷᠠᠭᠤᠯᠵᠤ᠂ ᠤᠯᠤᠰ ᠤᠨ ᠭᠠᠳᠠᠨ᠎ᠠ ᠠᠴᠠ ᠰᠢᠯᠢᠳᠡᠭ ᠦᠷ᠎ᠡ ᠶᠢᠨ | ᠠᠳᠤᠭᠤ ︵ᠠᠵᠢᠷᠭ᠎ᠠ︶ ᠶᠢ 100 ᠤᠷᠤᠭᠤᠯᠵᠤ᠂ ᠳᠤᠬᠠᠢ ᠶᠢᠨ ᠭᠠᠵᠠᠷ ᠤᠨ 2000 ᠠᠳᠤᠭᠤ ᠶᠢᠨ ᠡᠬᠦᠯᠳᠡᠷ ᠢ | ᠰᠠᠶᠢᠵᠢᠷᠠᠭᠤᠯᠤᠨ᠎ᠠ᠃ | ᠳᠠᠷᠢᠶᠠᠯᠠᠩ ᠮᠠᠯ ᠠᠵᠤ ᠠᠬᠤᠢ ᠶᠢᠨ ᠰᠠᠭᠤᠷᠢ ᠳᠦᠬᠦᠭᠡᠷᠦᠮᠵᠢ ᠶᠢᠨ ᠨᠦᠬᠦᠴᠡᠯ ᠢ ᠰᠠᠶᠢᠵᠢᠷᠠᠭᠤᠯᠤᠨ᠎ᠠ᠃ | ᠠᠮᠤ ᠪᠤᠳᠠᠭᠠᠨ ᠤ ᠦᠨᠳᠦᠷ ᠤᠨᠠᠯᠳᠠ ᠶᠢ ᠡᠬᠦᠳᠦᠨ ᠪᠠᠶᠢᠭᠤᠯᠬᠤ ᠳᠦᠷᠦᠯ ᠵᠦᠢᠯ ᠢ ᠰᠠᠶᠢᠳᠦᠷ ᠠᠳᠬᠤᠵᠤ᠂ | ᠮᠢᠩᠭᠠᠨ ᠳ᠋ᠦᠩᠰᠢᠭᠤᠷ ᠵᠢᠩ ᠠᠮᠤ ᠪᠤᠳᠠᠭᠠᠨ ᠤ ᠤᠨᠠᠯᠳᠠ ᠶᠢ ᠨᠡᠮᠡᠭᠳᠡᠬᠦᠯᠬᠦ᠂ ᠳᠠᠷᠢᠶᠠᠯᠠᠩ ᠤᠨ ᠶᠡᠷᠦᠩᠬᠡᠶᠢᠯᠡᠭᠰᠡᠨ | ᠨᠡᠭᠡᠭᠡᠯᠳᠡ ᠶᠢᠨ 13.54 ᠲᠦᠮᠡᠨ ᠮᠤ᠋ ᠶᠢ ᠦᠷᠬᠦᠯᠵᠢᠯᠡᠨ ᠠᠬᠢᠭᠤᠯᠵᠤ᠂ ᠴᠢᠳᠠᠬᠤ ᠶᠢᠨ ᠬᠢᠷᠢ ᠪᠠᠷ ︽ᠬᠠᠭᠤᠷᠠᠢ | ᠳᠠᠷᠢᠶ᠎ᠠ ᠶᠢ ᠤᠰᠤᠨ ᠳᠠᠷᠢᠶ᠎ᠠ ᠪᠤᠯᠭᠠᠬᠤ︾ ᠳᠦᠷᠦᠯ ᠵᠦᠢᠯ ᠢ 20 ᠲᠦᠮᠡᠨ ᠮᠤ᠋ ᠳᠡᠮᠡᠴᠡᠨ ᠤᠯᠤᠨ᠎ᠠ᠃ ᠬᠦᠷᠦᠰᠦ | ᠶᠢ ᠰᠢᠨᠵᠢᠵᠤ ᠪᠤᠷᠳᠤᠭᠤᠷ ᠤᠷᠤᠭᠤᠯᠬᠤ ᠶᠢ 200 ᠲᠦᠮᠡᠨ ᠮᠤ᠋᠂ ᠪᠦᠷᠬᠦᠪᠴᠢ ᠶᠢᠨ ᠳᠤᠤᠷ᠎ᠠ ᠳᠠᠷᠢᠬᠤ ᠳᠠᠯᠠᠪᠠᠢ ᠶᠢ | 20 ᠲᠦᠮᠡᠨ ᠮᠤ᠋ ᠭᠡᠷᠡᠭᠵᠢᠬᠦᠯᠦᠨ᠎ᠡ᠃ ᠪᠦᠬᠦ ᠬᠤᠰᠢᠭᠤᠨ ᠤ ᠠᠮᠤ ᠪᠤᠳᠠᠭᠠᠨ ᠤ ᠤᠨᠠᠯᠳᠠ ᠶᠢ 16 ᠳ᠋ᠦᠩᠰᠢᠭᠤᠷ | ᠵᠢᠩ ᠳᠤ ᠬᠦᠷᠭᠡᠨ᠎ᠡ᠃ ᠮᠠᠯ ᠠᠵᠤ ᠠᠬᠤᠢ ᠶᠢᠨ ᠰᠠᠭᠤᠷᠢ ᠳᠦᠬᠦᠭᠡᠷᠦᠮᠵᠢ ᠶᠢᠨ ᠪᠦᠲᠦᠭᠡᠨ ᠪᠠᠶᠢᠭᠤᠯᠤᠯᠳᠠ ᠶᠢ | ᠳᠦᠷᠭᠡᠳᠭᠡᠵᠤ᠂ ᠮᠠᠯ ᠳᠡᠵᠢᠬᠡᠪᠦᠷᠢ ᠶᠢᠨ ᠬᠠᠰᠢᠶ᠎ᠠ ᠰᠠᠷᠠᠪᠴᠢ ᠶᠢᠨ ᠪᠦᠲᠦᠭᠡᠨ ᠪᠠᠶᠢᠭᠤᠯᠤᠯᠳᠠ ᠶᠢ 10 ᠲᠦᠮᠡᠨ | ᠳᠡᠭᠰᠢ ᠳᠦᠷᠪᠡᠯᠵᠢᠨ ᠮᠧᠲᠷ ᠪᠡᠶᠡᠯᠡᠬᠦᠯᠦᠨ᠎ᠡ᠃ ᠠᠮᠢᠳᠠᠨ ᠤ ᠬᠢᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ ᠠᠵᠢᠯ ᠢ | ᠰᠠᠶᠢᠳᠦᠷ ᠬᠢᠵᠤ᠂ ᠮᠠᠯ ᠠᠵᠤ ᠠᠬᠤᠢ ᠶᠢᠨ ᠡᠷᠡᠬᠦᠯ ᠴᠢᠬᠢᠷᠠᠭ ᠬᠦᠭᠵᠢᠯᠲᠡ ᠶᠢ ᠪᠠᠳᠤᠯᠠᠨ᠎ᠠ᠃ ᠪᠦᠬᠦ ᠬᠤᠰᠢᠭᠤᠨ ᠤ | ᠪᠤᠳᠠ ᠪᠤᠭ ᠮᠠᠯ ᠤᠨ ᠳᠤᠭ᠎ᠠ ᠶᠢ 350 ᠲᠦᠮᠡᠨ ᠳᠤᠯᠤᠭᠠᠢ ᠠᠴᠠ ᠳᠡᠭᠡᠭᠰᠢ ᠳᠤᠭᠳᠠᠭᠤᠨ ᠪᠠᠶᠢᠯᠭᠠᠨ᠎ᠠ᠃ ᠰᠢᠨ᠎ᠡ | ᠬᠡᠯᠪᠡᠷᠢ ᠶᠢᠨ ᠠᠵᠢᠯ ᠮᠡᠷᠭᠡᠵᠢᠯ ᠤᠨ ᠮᠠᠯᠴᠢᠨ ᠳᠠᠷᠢᠶᠠᠴᠢᠨ ᠢ ᠳᠦᠷᠭᠡᠳᠭᠡᠨ ᠪᠤᠶᠢᠵᠢᠭᠤᠯᠵᠤ᠂ ᠵᠢᠯ ᠳᠤ᠂ ᠡᠯ᠎ᠡ | ᠳᠦᠷᠦᠯ ᠤᠨ ᠮᠠᠴᠢᠨ ᠳᠠᠷᠢᠶᠠᠴᠢᠨ ᠤ ᠪᠤᠯᠪᠠᠰᠤᠷᠠᠭᠤᠯᠤᠯ ᠢ 5 ᠲᠦᠮᠡᠨ ᠬᠦᠮᠦᠨ ᠤᠳᠠᠭ᠎ᠠ ᠳᠤ ᠬᠦᠷᠳᠡᠭᠡᠨ᠎ᠡ᠃ | ᠮᠠᠯ ᠠᠵᠤ ᠠᠬᠤᠢ ᠶᠢᠨ ᠬᠦᠭᠵᠢᠯᠲᠡ ᠶᠢᠨ ᠬᠡᠯᠪᠡᠷᠢ ᠶᠢ ᠬᠤᠪᠢᠷᠠᠭᠤᠯᠤᠨ᠎ᠠ᠃ ᠳᠠᠷᠢᠶᠠᠯᠠᠩ ᠤᠨ | ᠪᠦᠲᠦᠭᠡᠭᠳᠡᠬᠦᠨ ᠮᠠᠯ ᠤᠨ ᠠᠰᠢᠭ ᠰᠢᠮ᠎ᠡ ᠶᠢ ᠦᠢᠯᠡᠳᠪᠦᠷᠢᠯᠡᠨ ᠪᠤᠯᠪᠠᠰᠤᠷᠠᠭᠤᠯᠬᠤ ᠬᠢᠭᠡᠳ ᠳᠠᠷᠢᠶᠠᠯᠠᠩ ᠮᠠᠯ ᠠᠵᠤ | ᠠᠬᠤᠢ ᠶᠢᠨ ᠠᠵᠤ ᠦᠢᠯᠡᠰᠵᠢᠯᠲᠡ ᠶᠢ ᠢᠳᠡᠪᠬᠢᠲᠡᠢ ᠠᠬᠢᠭᠤᠯᠵᠤ᠂ ᠠᠵᠤ ᠦᠢᠯᠡᠰ ᠤᠨ ᠬᠡᠯᠬᠢᠶ᠎ᠡ ᠶᠢ ᠤᠷᠳᠤᠳᠬᠠᠨ᠂ | ᠦᠢᠯᠡᠳᠬᠦᠨ ᠤ ᠨᠡᠮᠡᠯᠳᠡ ᠦᠷᠳᠡᠭ ᠢ ᠳᠡᠭᠡᠭᠰᠢᠯᠡᠬᠦᠯᠦᠨ᠎ᠡ᠃ ᠳᠠᠷᠢᠶᠠᠯᠠᠩ ᠤᠨ ᠪᠦᠲᠦᠭᠡᠭᠳᠡᠬᠦᠨ ᠮᠠᠯ ᠤᠨ ᠠᠰᠢᠭ | ᠰᠢᠮ᠎ᠡ ᠶᠢᠨ ᠶᠠᠰᠤ ᠴᠢᠨᠠᠷ ᠤᠨ ᠠᠮᠤᠷ ᠲᠦᠪᠰᠢᠨ ᠤ ᠬᠢᠨᠠᠨ ᠬᠠᠮᠢᠶᠠᠷᠤᠯᠳᠠ ᠶᠢ ᠴᠢᠩᠭᠠᠷᠠᠭᠤᠯᠵᠤ᠂ ᠬᠢᠨᠠᠨ | ᠪᠠᠶᠢᠴᠠᠭᠠᠵᠤ ᠬᠡᠮᠵᠢᠬᠦ ᠰᠢᠰᠲ᠋ᠧᠮᠵᠢ ᠶᠢ ᠪᠠᠶᠢᠭᠤᠯᠤᠨ ᠪᠦᠷᠢᠨᠰᠢᠬᠦᠯᠵᠤ᠂ ᠬᠢᠨᠠᠨ ᠬᠡᠮᠵᠢᠯᠲᠡ ᠶᠢᠨ ᠳᠦᠷᠦᠯ ᠵᠦᠢᠯ ᠢ | ᠰᠢᠯᠭᠠᠨ ᠬᠤᠷᠢᠶᠠᠬᠤ ᠬᠢᠭᠡᠳ ᠬᠢᠷᠢ ᠬᠡᠮ ᠢ ᠭᠡᠷᠡᠴᠢᠯᠡᠬᠦᠯᠡᠬᠦ ᠠᠵᠢᠯ ᠢ ᠳᠦᠷᠭᠡᠳᠭᠡᠨ᠎ᠡ᠃ ᠬᠤᠤᠷᠳᠠᠯ ᠦᠬᠡᠢ᠂ | ᠪᠤᠬᠢᠷᠳᠤᠯ ᠦᠬᠡᠢ᠂ ᠤᠷᠭᠠᠨᠢᠭ ᠳᠠᠷᠢᠶᠠᠯᠠᠩ ᠮᠠᠯ ᠠᠵᠤ ᠠᠬᠤᠢ ᠶᠢ ᠬᠦᠭᠵᠢᠬᠦᠯᠵᠤ᠂ ᠪᠦᠬᠦ ᠬᠤᠰᠢᠭᠤᠨ ᠤ ᠤᠷᠭᠠᠨᠢᠭ | ᠢᠶᠠᠷ ᠭᠡᠷᠡᠴᠢᠯᠡᠬᠦᠯᠦᠭᠰᠡᠨ ᠳᠠᠯᠠᠪᠠᠢ ᠶᠢ 20 ᠲᠦᠮᠡᠨ ᠮᠤ᠋᠂ ᠪᠤᠬᠢᠷᠳᠤᠯ ᠦᠬᠡᠢ ᠳᠠᠷᠢᠶᠠᠯᠠᠩ ᠤᠨ ᠪᠦᠲᠦᠭᠡᠭᠳᠡᠬᠦᠨ ᠤ | ᠰᠠᠭᠤᠷᠢᠨ ᠢ ᠭᠡᠷᠡᠴᠢᠯᠡᠬᠦᠯᠦᠭᠰᠡᠨ ᠳᠠᠯᠠᠪᠠᠢ ᠶᠢ 100 ᠲᠦᠮᠡᠨ ᠮᠤ᠋ ᠳᠤ ᠬᠦᠷᠭᠡᠨ᠎ᠡ᠃ ᠡᠯ ᠯᠦᠩ ᠲᠦᠨ ᠨᠠᠷᠢᠮᠤ᠂ | ᠶᠢᠨ ᠭᠧ ᠯᠧ ᠤᠯᠠᠭᠠᠨ᠎ᠠ ᠵᠡᠷᠭᠡ 8 ᠳᠦᠷᠦᠯ ᠤᠨ ᠳᠠᠷᠢᠶᠠᠯᠠᠩ ᠤᠨ ᠪᠦᠲᠦᠭᠡᠭᠳᠡᠬᠦᠨ ᠮᠠᠯ ᠤᠨ ᠠᠰᠢᠭ ᠰᠢᠮ᠎ᠡ ᠶᠢᠨ | ᠭᠠᠵᠠᠷ ᠵᠦᠢ ᠶᠢᠨ ᠳᠡᠮᠳᠡᠭ ᠢ ᠭᠡᠷᠡᠴᠢᠯᠡᠬᠦᠯᠬᠦ ᠠᠵᠢᠯ ᠢ ᠰᠠᠶᠢᠳᠦᠷ ᠬᠢᠨ᠎ᠡ᠃ ᠨᠢᠳᠤᠯᠠᠨ ᠪᠤᠯᠪᠠᠰᠤᠷᠠᠭᠤᠯᠬᠤ ᠠᠵᠤ | ᠠᠬᠤᠶᠢᠯᠠᠯ ᠤᠨ ᠦᠢᠯᠡᠳᠪᠦᠷᠢᠯᠡᠯ ᠤᠨ ᠴᠢᠳᠠᠪᠦᠷᠢ ᠶᠢ ᠬᠦᠴᠦᠯᠡᠨ ᠳᠡᠭᠡᠭᠰᠢᠯᠡᠬᠦᠯᠵᠤ᠂ ᠰᠢᠩ ᠶᠧ ᠮᠢᠬᠠᠨ ᠤ ᠦᠢᠯᠡᠰ | ᠵᠡᠷᠭᠡ ᠮᠢᠬᠠᠨ ᠤ ᠳᠦᠷᠦᠯ ᠢ ᠪᠤᠯᠪᠠᠰᠤᠷᠠᠭᠤᠯᠬᠤ ᠳᠠᠭᠠᠭᠤᠯᠤᠭᠴᠢ ᠠᠵᠤ ᠠᠬᠤᠶᠢᠯᠠᠯ ᠢ ᠳᠡᠳᠬᠦᠨ ᠳᠡᠮᠵᠢᠵᠤ᠂ ᠦᠬᠡᠷ | ᠬᠤᠨᠢᠨ ᠮᠢᠬ᠎ᠠ ᠶᠢ ᠬᠦᠷᠦᠭᠡᠨ ᠰᠢᠨ᠎ᠡ ᠰᠤᠷᠭᠤᠭ ᠢᠶᠠᠷ ᠪᠤᠷᠤᠯᠠᠭᠤᠯᠬᠤ ᠶᠢ ᠠᠬᠢᠭᠤᠯᠵᠤ᠂ ᠪᠦᠬᠦ ᠵᠢᠯ ᠳᠤ ᠴᠢᠳᠠᠬᠤ | ᠶᠢᠨ ᠬᠢᠷᠢ ᠪᠠᠷ ᠨᠢᠳᠤᠯᠠᠨ ᠪᠤᠷᠤᠯᠠᠭᠤᠯᠤᠭᠰᠠᠨ ᠮᠢᠬᠠᠨ ᠤ ᠦᠬᠡᠷ ᠢ 5 ᠲᠦᠮᠡᠨ ᠳᠤᠯᠤᠭᠠᠢ᠂ ᠮᠢᠬᠠᠨ ᠤ ᠬᠤᠨᠢ ᠶᠢ | 70 ᠲᠦᠮᠡᠨ ᠳᠤᠯᠤᠭᠠᠢ ᠳᠤ ᠬᠦᠷᠭᠡᠨ᠎ᠡ᠃ ᠡᠪᠡᠰᠦ ᠪᠤᠷᠳᠤᠭ᠎ᠠ ᠶᠢ ᠪᠤᠯᠪᠠᠰᠤᠷᠠᠭᠤᠯᠤᠨ ᠬᠤᠪᠢᠷᠠᠭᠤᠯᠬᠤ ᠴᠢᠳᠠᠪᠦᠷᠢ | ᠪᠠ ᠬᠠᠩᠭᠠᠯᠭ᠎ᠠ ᠶᠢᠨ ᠪᠠᠳᠤᠯᠠᠭ᠎ᠠ ᠶᠢᠨ ᠴᠢᠳᠠᠪᠦᠷᠢ ᠶᠢ ᠳᠡᠭᠡᠭᠰᠢᠯᠡᠬᠦᠯᠵᠤ᠂ ᠳᠤᠮᠤ ᠬᠡᠯᠪᠡᠷᠢ ᠶᠢᠨ ᠡᠪᠡᠰᠦ ᠪᠤᠷᠳᠤᠭ᠎ᠠ | ᠶᠢ ᠪᠤᠯᠪᠠᠰᠤᠷᠠᠭᠤᠯᠬᠤ ᠦᠢᠯᠡᠳᠪᠦᠷᠢ ᠶᠢ 2 ᠰᠠᠭᠤᠷᠢ ᠰᠢᠨ᠎ᠡ ᠪᠠᠷ ᠪᠠᠶᠢᠭᠤᠯᠤᠨ᠎ᠠ᠃ ᠳᠠᠷᠢᠶᠠᠯᠠᠩ ᠮᠠᠯ ᠠᠵᠤ ᠠᠬᠤᠢ | ᠶᠢᠨ ᠤᠯᠠᠨ ᠵᠦᠢᠯ ᠤᠨ ᠴᠢᠳᠠᠪᠬᠢ ᠶᠢ ᠦᠷᠭᠡᠳᠭᠡᠨ᠂ ᠳᠤᠭᠤᠷᠢᠨ ᠦᠵᠡᠬᠦ᠂ ᠤᠶᠢᠯᠠᠭᠠᠯᠳᠠ ᠶᠢᠨ ᠳᠠᠷᠢᠶᠠᠯᠠᠩ ᠮᠠᠯ | ᠠᠵᠤ ᠠᠬᠤᠢ ᠶᠢ ᠬᠦᠭᠵᠢᠬᠦᠯᠵᠤ᠂ ᠳᠠᠷᠢᠶᠠᠯᠠᠩ ᠮᠠᠯ ᠠᠵᠤ ᠠᠬᠤᠢ ᠬᠢᠭᠡᠳ ᠠᠮᠢ ᠠᠬᠤᠢ ᠶᠢᠨ ᠤᠷᠴᠢᠨ ᠳᠤᠭᠤᠷᠢᠨ | ᠢ ᠬᠠᠮᠠᠭᠠᠯᠠᠬᠤ᠂ ᠰᠢᠶᠠᠩ ᠳᠤᠰᠬᠤᠨ ᠤ ᠵᠢᠭᠤᠯᠴᠢᠯᠠᠯ ᠵᠡᠷᠭᠡ ᠶᠢᠨ ᠬᠦᠨ ᠠᠭᠤᠰᠤᠯᠴᠠᠯ ᠢ ᠠᠬᠢᠭᠤᠯᠤᠨ᠎ᠠ᠃ | ᠮᠠᠯᠵᠢᠬᠤ ᠳᠠᠷᠢᠶᠠᠯᠠᠬᠤ ᠤᠷᠤᠨ ᠤ ᠦᠮᠴᠢᠯᠡᠯ ᠤᠨ ᠡᠷᠭᠡ ᠶᠢᠨ ᠦᠭᠡᠷᠡᠴᠢᠯᠡᠯᠲᠡ ᠶᠢ ᠬᠦᠨᠵᠡᠬᠡᠶᠢᠷᠡᠬᠦᠯᠦᠨ᠎ᠡ᠃ | ᠤᠯᠤᠰ ᠤᠨ ᠦᠮᠴᠢᠯᠡᠯᠲᠦ ᠤᠢ ᠰᠢᠭᠤᠢ ᠶᠢᠨ ᠳᠠᠯᠠᠪᠠᠢ ᠶᠢᠨ ᠦᠭᠡᠷᠡᠴᠢᠯᠡᠯᠲᠡ ᠶᠢ ᠬᠦᠨᠵᠡᠬᠡᠶᠢᠷᠡᠬᠦᠯᠦᠨ᠎ᠡ᠃ ᠭᠠᠵᠠᠷ | ᠰᠢᠷᠤᠢ ᠨᠤᠳᠤᠭ ᠪᠡᠯᠴᠢᠭᠡᠷ ᠤᠨ ᠡᠷᠭᠡ ᠶᠢ ᠳᠤᠳᠤᠯᠠᠨ ᠳᠠᠩᠰᠠᠯᠠᠬᠤ ᠠᠵᠢᠯ ᠢ ᠳᠦᠷᠭᠡᠳᠭᠡᠨ ᠠᠬᠢᠭᠤᠯᠵᠤ᠂ ᠭᠠᠵᠠᠷ | ᠰᠢᠷᠤᠢ ᠨᠤᠳᠤᠭ ᠪᠡᠯᠴᠢᠭᠡᠷ ᠤᠨ ︽ᠭᠤᠷᠪᠠᠨ ᠡᠷᠭᠡ ᠶᠢ ᠰᠠᠯᠭᠠᠬᠤ︾ ᠶᠢ ᠳᠤᠭᠳᠠᠭᠤᠨ ᠠᠬᠢᠭᠤᠯᠵᠤ᠂ ᠮᠠᠯᠴᠢᠨ | ᠳᠠᠷᠢᠶᠠᠴᠢᠨ ᠤ ᠭᠠᠵᠠᠷ ᠰᠢᠷᠤᠢ ᠨᠤᠳᠤᠭ ᠪᠡᠯᠴᠢᠭᠡᠷ ᠢᠶᠠᠨ ᠰᠢᠯᠵᠢᠬᠦᠯᠬᠦ᠂ ᠨᠠᠶᠢᠳᠠᠨ ᠬᠠᠮᠢᠶᠠᠷᠠᠭᠤᠯᠬᠤ᠂ ᠬᠤᠪᠢ | ᠤᠷᠤᠭᠤᠯᠬᠤ ᠵᠡᠷᠭᠡ ᠭᠡᠯᠪᠡᠷᠢ ᠪᠠᠷ ᠳᠠᠮᠵᠢᠨ᠂ ᠳᠠᠷᠢᠶᠠᠯᠠᠩ ᠮᠠᠯ ᠠᠵᠤ ᠠᠬᠤᠢ ᠶᠢᠨ ᠬᠡᠪᠴᠢᠶᠡᠵᠢᠬᠦᠯᠦᠨ ᠡᠵᠡᠩᠨᠡᠬᠦ ᠶᠢ | ᠵᠤᠷᠢᠭᠵᠢᠭᠤᠯᠤᠨ᠎ᠠ᠃ ᠮᠠᠯᠵᠢᠬᠤ ᠳᠠᠷᠢᠶᠠᠯᠠᠬᠤ ᠤᠷᠤᠨ ᠤ ︽ᠭᠠᠵᠠᠷ ᠰᠢᠷᠤᠢ᠂ ᠬᠠᠮᠳᠤ ᠨᠡᠶᠢᠲᠡ ᠶᠢᠨ ᠡᠵᠡᠩᠨᠡᠯᠲᠡ | ᠶᠢᠨ ᠴᠢᠨᠠᠷ ᠲᠠᠢ ᠪᠦᠲᠦᠭᠡᠨ ᠪᠠᠶᠢᠭᠤᠯᠤᠯᠳᠠ ᠳᠤ ᠭᠡᠷᠡᠭᠯᠡᠬᠦ ᠭᠠᠵᠠᠷ ᠰᠢᠷᠤᠢ᠂ ᠭᠡᠷ ᠪᠠᠶᠢᠰᠢᠩ ᠤᠨ ᠰᠠᠭᠤᠷᠢ︾ ᠶᠢ | ᠠᠮᠢᠳᠤᠯᠢᠬᠵᠢᠭᠤᠯᠵᠤ᠂ ᠬᠦᠳᠡᠭᠡ ᠳᠤᠰᠬᠤᠨ ᠤ ᠭᠠᠵᠠᠷ ᠰᠢᠷᠤᠢ ᠶᠢ ᠳᠠᠳᠠᠪᠦᠷᠢᠯᠠᠬᠤ ᠳᠦᠷᠢᠮ ᠤᠨ ᠦᠭᠡᠷᠡᠴᠢᠯᠡᠯᠲᠡ | ᠶᠢ ᠬᠦᠨᠵᠡᠬᠡᠢ ᠠᠬᠢᠭᠤᠯᠵᠤ᠂ ᠬᠠᠮᠳᠤ ᠨᠡᠶᠢᠲᠡ ᠶᠢᠨ ᠡᠵᠡᠩᠨᠡᠯᠲᠡ ᠶᠢᠨ ᠴᠢᠨᠠᠷ ᠲᠠᠢ ᠪᠦᠲᠦᠭᠡᠨ ᠪᠠᠶᠢᠭᠤᠯᠤᠯᠳᠠ ᠳᠤ | ᠭᠡᠷᠡᠭᠯᠡᠬᠦ ᠭᠠᠵᠠᠷ ᠰᠢᠷᠤᠢ ᠶᠢᠨ ᠵᠠᠬ᠎ᠠ ᠳᠡᠯᠬᠡᠬᠦᠷ ᠲᠤ ᠤᠷᠤᠬᠤ᠂ ᠭᠡᠷ ᠪᠠᠶᠢᠰᠢᠩ ᠤᠨ ᠰᠠᠭᠤᠷᠢ ᠶᠢᠨ ᠳᠦᠷᠢᠮ ᠤᠨ | ᠦᠭᠡᠷᠡᠴᠢᠯᠡᠯᠲᠡ ᠶᠢᠨ ᠳᠤᠷᠰᠢᠯᠳᠠ ᠶᠢᠨ ᠴᠡᠭ ᠢ ᠰᠦᠪᠡᠭᠴᠢᠯᠡᠨ ᠦᠷᠨᠢᠬᠦᠯᠵᠤ᠂ ᠭᠠᠵᠠᠷ ᠰᠢᠷᠤᠢ ᠨᠤᠳᠤᠭ ᠪᠡᠯᠴᠢᠭᠡᠷ | ᠢ ᠳᠠᠭᠠᠭᠠᠴᠢᠯᠠᠨ ᠡᠵᠡᠩᠨᠡᠬᠦ ᠡᠷᠭᠡ ᠪᠠ ᠮᠠᠯᠴᠢᠨ ᠳᠠᠷᠢᠶᠠᠴᠢᠨ ᠤ ᠤᠷᠤᠨ ᠰᠠᠭᠤᠴᠠ ᠶᠢᠨ ᠡᠳ᠋ ᠬᠦᠷᠦᠩᠭᠡ ᠶᠢᠨ | ᠦᠮᠴᠢᠯᠡᠯ ᠢᠶᠠᠷ ᠵᠢᠬᠡᠯᠡᠯᠭᠡ ᠶᠢ ᠳᠠᠨᠵᠢᠯᠠᠬᠤ ᠳᠤᠷᠰᠢᠯᠳᠠ ᠶᠢᠨ ᠴᠡᠭ ᠢ ᠳᠤᠭᠳᠠᠭᠤᠨ ᠡᠮᠬᠢ ᠲᠢᠭᠯᠢᠮ ᠲᠠᠢ | ᠦᠷᠨᠢᠬᠦᠯᠵᠤ᠂ ᠮᠠᠯᠴᠢᠨ ᠳᠠᠷᠢᠶᠠᠴᠢᠨ ᠳᠤ ᠨᠡᠩ ᠬᠦᠢᠴᠡᠳ ᠡᠳ᠋ ᠬᠦᠷᠦᠩᠭᠡ ᠶᠢᠨ ᠡᠷᠭᠡ ᠠᠰᠢᠭ ᠢ ᠤᠯᠭᠤᠨ᠎ᠠ᠃ | ᠨᠠᠮ ᠤᠨ ᠳᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ ᠤ ᠬᠠᠮᠳᠤ ᠨᠡᠶᠢᠲᠡ ᠶᠢᠨ ᠠᠵᠤ ᠠᠬᠤᠢ ᠶᠢᠨ | ᠬᠦᠭᠵᠢᠯᠲᠡ ᠶᠢ ᠳᠡᠮᠵᠢᠬᠦ ᠳᠦᠷᠦ ᠶᠢᠨ ᠪᠤᠳᠤᠯᠭ᠎ᠠ ᠪᠠᠷ ᠨᠢᠬᠡ ᠪᠦᠯᠦᠭ ᠰᠠᠭᠤᠷᠢ ᠨᠦᠬᠦᠴᠡᠯ ᠰᠠᠶᠢᠨ᠂ ᠳᠠᠶᠢᠴᠢᠯᠠᠬᠤ | ᠴᠢᠳᠠᠪᠦᠷᠢ ᠴᠢᠩᠭ᠎ᠠ ᠵᠢᠱᠢᠶ᠎ᠡ ᠦᠵᠡᠬᠦᠯᠬᠦ ᠭᠠᠴᠠᠭ᠎ᠠ ᠶᠢ ᠰᠤᠩᠭᠤᠵᠤ᠂ ᠭᠤᠤᠯᠳᠠᠯᠭ᠎ᠠ ᠲᠠᠢ ᠳᠡᠮᠵᠢᠯᠬᠡ ᠦᠵᠡᠬᠦᠯᠵᠤ | ᠭᠤᠤᠯᠳᠠᠯᠭ᠎ᠠ ᠲᠠᠢ ᠬᠦᠭᠵᠢᠬᠦᠯᠦᠨ᠂ ᠮᠠᠯᠵᠢᠬᠤ ᠳᠠᠷᠢᠶᠠᠯᠠᠬᠤ ᠤᠷᠤᠨ ᠤ ᠶᠡᠷᠦᠩᠬᠡᠶᠢᠯᠡᠭᠰᠡᠨ ᠪᠤᠳᠠᠳᠤ ᠬᠦᠴᠦᠨ ᠢ | ᠳᠡᠭᠡᠭᠰᠢᠯᠡᠬᠦᠯᠦᠨ᠎ᠡ᠃ ᠭᠤᠷᠪᠠᠳᠤᠭᠠᠷ ᠤᠳᠠᠭᠠᠨ ᠤ ᠪᠦᠬᠦ ᠤᠯᠤᠰ ᠤᠨ ᠳᠠᠷᠢᠶᠠᠯᠠᠩ ᠤᠨ ᠨᠡᠶᠢᠳᠡᠮ ᠪᠠᠶᠢᠴᠠᠭᠠᠯᠳᠠ ᠶᠢᠨ | ᠠᠵᠢᠯ ᠢ ᠨᠠᠷᠢᠨ ᠬᠢᠨᠠᠮᠠᠭᠠᠢ ᠰᠠᠶᠢᠳᠦᠷ ᠬᠢᠵᠤ᠂ ︽ᠮᠠᠯᠴᠢᠨ ᠳᠠᠷᠢᠶᠠᠴᠢᠨ᠂ ᠳᠠᠷᠢᠶᠠᠯᠠᠩ ᠮᠠᠯ ᠠᠵᠤ ᠠᠬᠤᠢ᠂ | ᠮᠠᠯᠵᠢᠬᠤ ᠳᠠᠷᠢᠶᠠᠯᠠᠬᠤ ᠤᠷᠤᠨ︾ ᠤ ᠪᠠᠶᠢᠳᠠᠯ ᠢ ᠪᠦᠬᠦ ᠳᠠᠯ᠎ᠠ ᠪᠠᠷ ᠤᠶᠢᠯᠠᠭᠠᠨ᠎ᠠ᠃ | ︵ᠭᠤᠷᠪᠠ︶ ᠰᠢᠨ᠎ᠡ ᠠᠵᠤ ᠦᠢᠯᠡᠰ ᠤᠨ ᠰᠢᠨ᠎ᠡ ᠪᠠᠶᠢᠳᠠᠯ ᠢ ᠪᠤᠶᠢᠵᠢᠭᠤᠯᠵᠤ᠂ ᠤᠳᠤ ᠦᠶ᠎ᠡ ᠶᠢᠨ | ᠦᠢᠯᠡᠴᠢᠯᠡᠬᠡᠨ ᠤ ᠦᠢᠯᠡᠰ ᠤᠨ ᠪᠦᠬᠦ ᠳᠠᠯ᠎ᠠ ᠶᠢᠨ ᠬᠦᠭᠵᠢᠯᠲᠡ ᠶᠢ ᠬᠦᠴᠦᠯᠡᠨ ᠳᠦᠷᠭᠡᠳᠭᠡᠨ᠎ᠡ᠃ ᠵᠢᠭᠤᠯᠴᠢᠯᠠᠯ ᠤᠨ | ᠦᠢᠯᠡᠰ ᠢ ᠳᠡᠷᠢᠬᠦᠨ ᠳᠤ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠪᠠᠷᠢᠮᠳᠠᠯᠠᠵᠤ᠂ ᠵᠢᠭᠤᠯᠴᠢᠯᠠᠯ ᠤᠨ ᠦᠢᠯᠡᠰ ᠤᠨ | ᠬᠦᠭᠵᠢᠯᠲᠡ ᠶᠢᠨ ᠬᠢᠷᠢ ᠲᠦᠪᠰᠢᠨ ᠢ ᠪᠦᠬᠦ ᠳᠠᠯ᠎ᠠ ᠪᠠᠷ ᠳᠡᠭᠡᠭᠰᠢᠯᠡᠬᠦᠯᠵᠤ᠂ ᠭᠤᠷᠪᠠᠨ ᠠᠵᠤ ᠦᠢᠯᠡᠰ ᠤᠨ | ᠬᠠᠷᠢᠯᠴᠠᠨ ᠬᠦᠳᠡᠯᠦᠯᠴᠡᠵᠤ ᠬᠦᠭᠵᠢᠬᠦ ᠶᠢ ᠰᠠᠴᠤᠷᠠᠭ ᠳᠠᠶᠢᠴᠢᠯᠠᠵᠤ᠂ ᠠᠭᠠᠵᠢᠮ ᠢᠶᠠᠷ ᠭᠤᠷᠪᠠᠳᠤᠭᠠᠷ ᠠᠵᠤ ᠦᠢᠯᠡᠰ | ᠢ ᠠᠵᠤ ᠠᠬᠤᠢ ᠶᠢᠨ ᠨᠡᠮᠡᠭᠳᠡᠯ ᠢ ᠳᠠᠭᠠᠭᠤᠯᠬᠤ ᠰᠢᠨ᠎ᠡ ᠬᠦᠳᠡᠯᠬᠡᠬᠦᠷ ᠪᠤᠯᠭᠠᠨ ᠪᠤᠶᠢᠵᠢᠭᠤᠯᠤᠨ᠎ᠠ᠃ | ᠵᠢᠭᠤᠯᠴᠢᠯᠠᠯ ᠤᠨ ᠦᠢᠯᠡᠰ ᠤᠨ ᠳᠡᠰ ᠨᠡᠮᠡᠭᠳᠡᠨ ᠳᠡᠰ ᠳᠡᠪᠰᠢᠬᠦ ᠶᠢ ᠠᠬᠢᠭᠤᠯᠤᠨ᠎ᠠ᠃ ᠦᠪᠡᠷᠮᠢᠴᠡ | ᠪᠠᠶᠢᠭᠠᠯᠢ ᠶᠢᠨ ᠦᠩᠭᠡ ᠦᠵᠡᠮᠵᠢ ᠪᠠ ᠬᠦᠨ ᠵᠤᠵᠠᠭᠠᠯᠢᠭ ᠦᠨᠳᠦᠰᠦᠳᠡᠨ ᠤ ᠰᠤᠶᠤᠯ ᠳᠤ ᠳᠦᠰᠢᠭᠯᠡᠨ᠂ ᠪᠦᠬᠦ | ᠬᠢᠵᠠᠭᠠᠷ ᠤᠨ ᠵᠢᠭᠤᠯᠴᠢᠯᠠᠯ᠂ ᠳᠦᠷᠪᠡᠨ ᠤᠯᠠᠷᠢᠯ ᠤᠨ ᠵᠢᠭᠤᠯᠴᠢᠯᠠᠯ ᠢ ᠶᠡᠬᠡᠪᠡᠷ ᠬᠦᠭᠵᠢᠬᠦᠯᠵᠤ᠂ ᠵᠢᠭᠤᠯᠴᠢᠯᠠᠯ ᠤᠨ | ᠦᠢᠯᠡᠰ ᠤᠨ ︽ᠪᠦᠬᠦ ᠦᠵᠡᠮᠵᠢ᠂ ᠪᠦᠬᠦ ᠠᠵᠢᠯ ᠳᠦᠷᠦᠯ᠂ ᠪᠦᠬᠦ ᠴᠠᠭ ᠬᠤᠭᠤᠴᠠᠭ᠎ᠠ᠂ ᠪᠦᠬᠦ ᠠᠷᠠᠳ︾ ᠲᠤ | ᠳᠠᠪᠰᠢᠨ ᠭᠠᠷᠬᠤ ᠶᠢ ᠠᠬᠢᠭᠤᠯᠵᠤ᠂ ᠬᠤᠷᠴᠢᠨ ᠤ ᠰᠤᠶᠤᠯ ᠵᠢᠭᠤᠯᠴᠢᠯᠠᠯ ᠤᠨ ᠬᠦᠴᠦᠷᠭᠡᠭ ᠬᠤᠰᠢᠭᠤᠨ ᠤ ᠪᠦᠲᠦᠭᠡᠨ | ᠪᠠᠶᠢᠭᠤᠯᠤᠯᠳᠠ ᠶᠢᠨ ᠠᠯᠬᠤᠴᠠ ᠪᠠᠨ ᠴᠢᠷᠮᠠᠶᠢᠨ ᠳᠦᠷᠭᠡᠳᠭᠡᠨ᠎ᠡ᠃ ᠳᠦᠯᠦᠪᠵᠢᠬᠦᠯᠭᠡ ᠪᠠᠷ ᠬᠦᠳᠦᠯᠦᠨ ᠳᠠᠭᠠᠭᠤᠯᠬᠤ | ᠶᠢ ᠳᠤᠪᠤᠶᠢᠯᠭᠠᠨ᠎ᠠ᠃ ᠵᠢᠭᠤᠯᠴᠢᠯᠠᠯ ᠤᠨ ᠠᠵᠤ ᠦᠢᠯᠡᠰ ᠬᠢᠭᠡᠳ ᠶᠠᠳᠠᠭᠤ ᠠᠴᠠ ᠠᠩᠵᠢᠷᠠᠭᠤᠯᠬᠤ ᠪᠠᠬᠢᠯᠡᠯᠲᠡ | ᠰᠢᠪᠳᠤᠯᠬᠤ᠂ ᠤᠷᠤᠨ ᠪᠠᠶᠢᠷᠢᠰᠢᠯ ᠤᠨ ᠬᠦᠭᠵᠢᠯᠲᠡ᠂ ᠬᠤᠳᠠ ᠬᠦᠳᠡᠭᠡ ᠶᠢᠨ ᠪᠦᠲᠦᠭᠡᠨ ᠪᠠᠶᠢᠭᠤᠯᠤᠯᠳᠠ ᠶᠢᠨ | ᠤᠯᠠᠨ ᠳᠦᠷᠢᠮ ᠢ ᠨᠢᠬᠡᠳᠬᠡᠬᠦ᠂ ᠪᠦᠲᠦᠮᠵᠢᠲᠡᠢ ᠨᠡᠶᠢᠯᠡᠯᠲᠡ ᠬᠢᠬᠦ ᠶᠢ ᠠᠬᠢᠭᠤᠯᠵᠤ᠂ ︽ᠬᠤᠷᠴᠢᠨ ᠪᠠᠷᠠᠭᠤᠨ ᠭᠠᠷᠤᠨ | ᠳᠤᠮᠳᠠᠳᠤ ᠬᠤᠰᠢᠭᠤᠨ ᠤ ᠵᠢᠭᠤᠯᠴᠢᠯᠠᠯ ᠤᠨ ᠶᠡᠷᠦᠩᠬᠡᠢ ᠴᠤᠬᠴᠠ ᠶᠢᠨ ᠳᠦᠯᠦᠪᠵᠢᠬᠦᠯᠭᠡ︾ ᠶᠢ ᠨᠠᠶᠢᠷᠠᠭᠤᠯᠤᠨ | ᠵᠤᠬᠢᠶᠠᠵᠤ ᠳᠡᠬᠦᠯᠳᠡᠷᠵᠢᠬᠦᠯᠬᠦ ᠶᠢ ᠳᠦᠷᠭᠡᠳᠭᠡᠵᠤ᠂ ︽ᠢᠳᠡᠵᠤ ᠠᠮᠠᠷᠠᠬᠤ ᠳᠤᠭᠤᠷᠢᠬᠤ ᠵᠤᠷᠯᠤᠩ ᠵᠤᠭᠠᠴᠠᠬᠤ | ᠬᠤᠳᠠᠯᠳᠤᠨ ᠠᠪᠬᠤ ᠨᠠᠶᠢᠷ ᠨᠠᠭᠠᠳᠤᠮ ᠬᠢᠬᠦ᠂ ᠰᠤᠶᠤᠯ ᠠᠷᠠᠯᠵᠢᠶ᠎ᠠ ᠳᠡᠵᠢᠬᠡᠬᠦ ᠰᠤᠷᠤᠯᠴᠠᠬᠤ ᠰᠡᠯᠡᠬᠦᠴᠡᠬᠦ︾ ᠪᠠᠷ | ᠨᠢᠬᠡ ᠴᠤᠭᠴᠠᠵᠢᠯᠠᠭᠰᠠᠨ ᠬᠤᠷᠴᠢᠨ ᠤ ᠳᠠᠯ᠎ᠠ ᠨᠤᠳᠤᠭ ᠤᠨ ᠦᠵᠡᠮᠵᠢ ᠲᠠᠢ ᠤᠨᠴᠠᠯᠢᠭᠲᠦ ᠪᠦᠬᠦ ᠬᠢᠵᠠᠭᠠᠷ ᠤᠨ | ᠵᠢᠭᠤᠯᠴᠢᠯᠠᠯ ᠤᠨ ᠵᠢᠱᠢᠶ᠎ᠡ ᠦᠵᠡᠬᠦᠯᠬᠦ ᠤᠷᠤᠨ ᠢ ᠴᠢᠷᠮᠠᠶᠢᠨ ᠪᠠᠶᠢᠭᠤᠯᠤᠨ᠎ᠠ᠃ ᠰᠠᠭᠤᠷᠢ ᠳᠦᠬᠦᠭᠡᠷᠦᠮᠵᠢ ᠶᠢ | ᠳᠡᠬᠦᠯᠳᠡᠷᠵᠢᠬᠦᠯᠦᠨ᠎ᠡ᠃ ᠭᠤᠤᠯᠳᠠᠯᠭ᠎ᠠ ᠲᠠᠢ ᠦᠵᠡᠮᠵᠢ ᠶᠢᠨ ᠤᠷᠤᠨ ᠦᠵᠡᠮᠵᠢ ᠶᠢᠨ ᠴᠡᠭ ᠤᠨ ᠰᠠᠭᠤᠷᠢ | ᠳᠦᠬᠦᠭᠡᠷᠦᠮᠵᠢ ᠶᠢᠨ ᠪᠦᠲᠦᠭᠡᠨ ᠪᠠᠶᠢᠭᠤᠯᠤᠯᠳᠠ ᠶᠢ ᠳᠦᠷᠭᠡᠳᠭᠡᠵᠤ᠂ ᠳᠦᠰᠢᠶᠡᠲᠦ ᠴᠢᠨ ᠸᠠᠩ ᠤᠨ ᠤᠷᠳᠤᠨ ᠤ | ᠦᠷᠬᠦᠯᠵᠢᠯᠡᠯᠲᠦ ᠪᠠᠷᠢᠯᠭ᠎ᠠ ᠵᠢᠴᠢ ᠳᠠᠯᠠᠪᠠᠢ ᠶᠢᠨ ᠢᠵᠢ ᠪᠦᠷᠢᠳᠦᠬᠦᠯᠬᠦ ᠢᠨᠵᠧᠨᠧᠷᠢᠩ ᠤᠨ ᠪᠦᠲᠦᠭᠡᠨ ᠪᠠᠶᠢᠭᠤᠯᠤᠯᠳᠠ | ᠬᠢᠭᠡᠳ ᠨᠡᠬᠡᠬᠡᠨ ᠡᠵᠡᠩᠨᠡᠬᠦ ᠶᠢ ᠪᠦᠬᠦ ᠳᠠᠯ᠎ᠠ ᠪᠠᠷ ᠪᠡᠶᠡᠯᠡᠬᠦᠯᠦᠨ᠎ᠡ᠃ ᠦᠵᠡᠮᠵᠢ ᠶᠢᠨ ᠳᠠᠶᠢᠰᠠ᠂ ᠵᠤᠭᠠᠴᠠᠨ ᠠᠯᠬᠤᠬᠤ | ᠵᠦᠷᠢᠭ᠂ ᠦᠵᠡᠮᠵᠢ ᠶᠢᠨ ᠤᠷᠤᠨ ᠤ ᠦᠢᠯᠡᠴᠢᠯᠡᠬᠡᠨ ᠤ ᠳᠦᠪ ᠵᠡᠷᠭᠡ ᠪᠠᠷ ᠭᠤᠤᠯᠳᠠᠯᠭ᠎ᠠ ᠪᠤᠯᠭᠠᠭᠰᠠᠨ ᠪᠠᠳᠤᠴᠠᠭᠠᠨ | ᠤ ᠦᠵᠡᠮᠵᠢ ᠶᠢᠨ ᠤᠷᠤᠨ ᠤ ᠰᠠᠭᠤᠷᠢ ᠳᠦᠬᠦᠭᠡᠷᠦᠮᠵᠢ ᠶᠢᠨ ᠪᠦᠲᠦᠭᠡᠨ ᠪᠠᠶᠢᠭᠤᠯᠤᠯᠳᠠ ᠶᠢ ᠭᠡᠷᠡᠭᠵᠢᠬᠦᠯᠦᠨ᠎ᠡ᠃ | ᠬᠠᠩᠭᠠᠯ ᠨᠠᠭᠤᠷ ᠢ ᠤᠷᠢᠶᠠᠭᠰᠠᠨ ᠳᠤᠭᠤᠷᠢᠨ ᠶᠠᠪᠤᠬᠤ ᠬᠦᠬᠦᠷᠭᠡᠨ ᠵᠠᠮ᠂ ᠳᠤᠭᠤᠢ ᠳᠡᠷᠭᠡ ᠶᠠᠪᠤᠬᠤ ᠵᠠᠮ ᠪᠠ ᠪᠠᠢ | ᠮᠢᠨ ᠬᠠᠭ᠎ᠠ ᠶᠢ ᠤᠷᠢᠶᠠᠭᠰᠠᠨ ᠮᠤᠷᠢ ᠤᠷᠤᠯᠳᠤᠬᠤ ᠵᠠᠮ ᠱᠤᠭᠤᠮ ᠢ ᠠᠵᠢᠯ ᠡᠬᠢᠯᠡᠬᠦᠯᠦᠨ ᠪᠦᠲᠦᠭᠡᠨ ᠪᠠᠶᠢᠭᠤᠯᠤᠨ᠎ᠠ | ᠃ ᠴᠢᠬᠤᠯᠠ ᠵᠠᠮ ᠱᠤᠭᠤᠮ᠂ ᠵᠠᠮ ᠱᠤᠭᠤᠮ ᠤᠨ ᠤᠶᠢᠷ᠎ᠠ ᠬᠠᠪᠢ ᠶᠢᠨ ᠭᠠᠴᠠᠭ᠎ᠠ ᠪᠠᠷ ᠭᠤᠤᠯᠳᠠᠯᠭ᠎ᠠ ᠪᠤᠯᠭᠠᠨ᠂ | ᠳᠠᠶᠢᠴᠢᠨᠳᠠᠯᠠ ᠭᠠᠴᠠᠭ᠎ᠠ᠂ ᠪᠠᠶᠠᠨ ᠤᠪᠤᠭ᠎ᠠ ᠭᠠᠴᠠᠭ᠎ᠠ ᠵᠡᠷᠭᠡ ᠨᠢᠬᠡ ᠪᠦᠯᠦᠭ ᠤᠨᠴᠠᠯᠢᠭᠲᠦ ᠰᠢᠶᠠᠩ ᠳᠤᠰᠬᠤᠨ ᠤ | ᠵᠢᠭᠤᠯᠴᠢᠯᠠᠯ ᠤᠨ ᠴᠡᠭ ᠢ ᠳᠦᠪᠯᠡᠷᠡᠬᠦᠯᠦᠨ ᠪᠤᠢ ᠪᠤᠯᠭᠠᠵᠤ᠂ ᠮᠤᠩᠭᠤᠯ ᠡᠮ ᠡᠮᠨᠡᠯᠭᠡ ᠶᠢᠨ ᠤᠬᠢᠶᠠᠯᠭ᠎ᠠ ᠶᠢᠨ | ᠵᠠᠰᠠᠯᠳᠠ ᠶᠢ ᠵᠠᠯᠭᠠᠮᠵᠢᠯᠠᠬᠤ ᠳᠦᠪ ᠤᠨ ᠳᠦᠷᠦᠯ ᠵᠦᠢᠯ ᠤᠨ ᠪᠦᠲᠦᠭᠡᠨ ᠪᠠᠶᠢᠭᠤᠯᠤᠯᠳᠠ ᠶᠢ ᠶᠡᠬᠡᠪᠡᠷ ᠠᠬᠢᠭᠤᠯᠤᠨ᠎ᠠ᠃ | ᠪᠠᠶᠠᠬᠤᠰᠢᠭᠤ — ᠪᠠᠳᠤᠴᠠᠭᠠᠨ ᠤ ᠦᠵᠡᠮᠵᠢ ᠶᠢᠨ ᠤᠷᠤᠨ ᠬᠦᠷᠬᠦ ᠵᠢᠭᠤᠯᠴᠢᠯᠠᠯ ᠤᠨ ᠵᠠᠮ ᠱᠤᠭᠤᠮ᠂ ᠮᠦᠩᠭᠡ | ᠬᠠᠨ ᠠᠭᠤᠯᠠ — ᠪᠠᠳᠤᠴᠠᠭᠠᠨ ᠤ ᠦᠵᠡᠮᠵᠢ ᠶᠢᠨ ᠤᠷᠤᠨ — ᠬᠤᠷᠴᠢᠨ ᠤ ᠤᠯᠤᠰ ᠤᠨ ᠳᠡᠰ ᠤᠨ ᠪᠠᠶᠢᠭᠠᠯᠢ ᠶᠢᠨ | ᠬᠠᠮᠠᠭᠠᠯᠠᠯᠳᠠ ᠶᠢᠨ ᠤᠷᠤᠨ ᠬᠦᠷᠬᠦ ᠵᠢᠭᠤᠯᠴᠢᠯᠠᠯ ᠤᠨ ᠵᠠᠮ ᠱᠤᠭᠤᠮ ᠢ ᠠᠵᠢᠯ ᠡᠬᠢᠯᠡᠬᠦᠯᠦᠨ ᠪᠦᠲᠦᠭᠡᠨ | ᠪᠠᠶᠢᠭᠤᠯᠤᠨ᠎ᠠ᠃ ︽ᠰᠤᠶᠤᠯ+ ᠵᠢᠭᠤᠴᠢᠯᠠᠯ + ᠪᠡᠶ᠎ᠡ ᠳᠠᠮᠢᠷ ︾ ᠢ ᠠᠬᠢᠭᠤᠯᠤᠨ᠎ᠠ᠃ ᠬᠤᠷᠴᠢᠨ ᠤ ᠰᠤᠶᠤᠯ | ᠵᠢᠭᠤᠯᠴᠢᠯᠠᠯ ᠤᠨ ᠡᠬᠢ ᠪᠠᠶᠠᠯᠢᠭ ᠢ ᠶᠡᠬᠡᠪᠡᠷ ᠤᠬᠠᠭᠤᠯᠤᠨ ᠳᠠᠶᠢᠯᠪᠦᠷᠢᠯᠠᠵᠤ᠂ ᠭᠠᠵᠠᠷ ᠤᠷᠤᠨ ᠤ ᠠᠯᠳᠠᠷᠰᠢᠯ ᠪᠠ | ᠨᠦᠯᠦᠬᠡᠯᠡᠯ ᠤᠨ ᠬᠦᠴᠦᠨ ᠢᠶᠠᠨ ᠳᠡᠭᠡᠭᠰᠢᠯᠡᠬᠦᠯᠦᠨ᠎ᠡ᠃ ᠦᠪᠡᠷᠲᠡᠭᠡᠨ ᠵᠠᠰᠠᠬᠤ ᠤᠷᠤᠨ ᠤ ᠳᠡᠰ ᠤᠨ ︽ᠪᠡᠶ᠎ᠡ | ᠳᠠᠮᠢᠷ+ ᠵᠢᠭᠤᠯᠴᠢᠯᠠᠯ︾ ᠤᠨ ᠠᠭᠤᠰᠤᠯᠴᠠᠨ ᠬᠦᠭᠵᠢᠬᠦ ᠵᠢᠱᠢᠶ᠎ᠡ ᠦᠵᠡᠬᠦᠯᠬᠦ ᠰᠠᠭᠤᠷᠢᠨ ᠢ ᠢᠳᠡᠪᠬᠢᠲᠡᠢ | ᠭᠤᠶᠤᠴᠢᠯᠠᠨ ᠮᠡᠳᠡᠬᠦᠯᠵᠤ᠂ ᠳᠤᠮᠳᠠᠳᠤ ᠤᠯᠤᠰ ᠤᠨ ᠬᠤᠷᠳᠤᠨ ᠮᠤᠷᠢᠨ ᠤ ᠶᠡᠭᠡ ᠱᠠᠩᠨᠠᠯᠲᠦ ᠤᠷᠤᠯᠳᠤᠭᠠᠨ᠂ | ᠭᠤᠷᠪᠠᠳᠤᠭᠠᠷ ᠬᠤᠭᠤᠴᠠᠭᠠᠨ ᠤ ᠪᠦᠬᠦ ᠤᠷᠤᠨ ᠤ ᠳᠠᠯ᠎ᠠ ᠨᠤᠳᠤᠭ ᠤᠨ ᠰᠡᠯᠡᠬᠦᠴᠡᠯ ᠳᠠᠮᠢᠷ ᠤᠨ ᠤᠷᠤᠯᠳᠤᠭᠠᠨ᠂ | ᠳᠦᠷᠪᠡᠳᠦᠭᠡᠷ ᠬᠤᠭᠤᠴᠠᠭᠠᠨ ᠤ ᠦᠪᠦᠷ ᠮᠤᠩᠭᠤᠯ ︵ᠤᠯᠠᠨ ᠤᠯᠤᠰ︶ ᠤᠨ ᠮᠤᠷᠢᠨ ᠮᠡᠷᠭᠡᠵᠢᠯ ᠤᠨ ᠤᠷᠤᠯᠳᠤᠭᠠᠨ | ᠵᠢᠴᠢ ᠤᠯᠠᠨ ᠤᠯᠤᠰ ᠤᠨ ᠤᠨᠤᠭᠠᠴᠢ ᠶᠢᠨ ᠤᠷᠢᠯᠭ᠎ᠠ ᠶᠢᠨ ᠤᠷᠤᠯᠳᠤᠭᠠᠨ ᠵᠡᠷᠭᠡ ᠠᠵᠢᠯᠯᠠᠭ᠎ᠠ ᠶᠢ ᠳᠠᠭᠠᠭᠠᠴᠢᠯᠠᠨ | ᠡᠷᠬᠢᠯᠡᠵᠤ᠂ ᠪᠠᠳᠤᠴᠠᠭᠠᠨ ᠤ ᠵᠢᠭᠤᠯᠴᠢᠯᠠᠯ ᠤᠨ ᠰᠤᠶᠤᠯ ᠤᠨ ᠤᠷᠠᠯᠢᠭ ᠤᠨ ᠨᠠᠶᠢᠷ ᠢ ᠳᠡᠰ ᠳᠡᠪᠰᠢᠬᠦᠯᠦᠨ ᠠᠶᠢᠮᠠᠭ | ᠤᠨ ᠳᠡᠰ ᠤᠨ ᠨᠠᠶᠢᠷ ᠨᠠᠭᠠᠳᠤᠮ ᠤᠨ ᠠᠵᠢᠯᠯᠠᠭ᠎ᠠ ᠪᠤᠯᠭᠠᠨ᠎ᠠ᠃ ᠪᠦᠬᠦ ᠬᠤᠰᠢᠭᠤᠨ ᠤ ᠮᠠᠯᠴᠢᠨ ᠳᠠᠷᠢᠶᠠᠴᠢᠨ ᠤ | ᠨᠠᠭᠠᠳᠤᠮ ᠤᠨ ᠨᠠᠶᠢᠷ᠂ ᠰᠡᠶᠢᠷᠡᠭ ᠤᠢ ᠰᠢᠭᠤᠢ ᠶᠢᠨ ᠳᠠᠯ᠎ᠠ ᠨᠤᠳᠤᠭ ᠤᠨ ᠮᠤᠷᠢᠨ ᠤᠷᠤᠯᠳᠤᠭᠠᠨ ᠵᠡᠷᠭᠡ ᠰᠢᠷᠢᠰ | ᠠᠵᠢᠯᠯᠠᠭ᠎ᠠ ᠶᠢ ᠰᠠᠶᠢᠳᠦᠷ ᠡᠷᠬᠢᠯᠡᠨ᠎ᠡ᠃ ᠳᠦᠷᠢᠮᠵᠢᠯ ᠦᠨᠳᠦᠷ ᠪᠦᠲᠦᠮᠵᠢᠲᠡᠢ ᠠᠵᠢᠯᠯᠠᠨ᠎ᠠ᠃ ᠵᠢᠭᠤᠯᠴᠢᠯᠠᠯ ᠤᠨ | ᠠᠵᠢᠯ ᠤᠨ ᠤᠳᠤᠷᠢᠳᠬᠤ ᠪᠠᠶᠢᠭᠤᠯᠤᠮᠵᠢ᠂ ᠬᠠᠮᠢᠶᠠᠷᠤᠯᠳᠠ ᠶᠢᠨ ᠪᠠᠶᠢᠭᠤᠯᠤᠮᠵᠢ ᠪᠠ ᠵᠤᠬᠢᠴᠠᠭᠤᠯᠬᠤ ᠪᠠᠶᠢᠭᠤᠯᠤᠮᠵᠢ | ᠶᠢ ᠳᠡᠬᠦᠯᠳᠡᠷᠵᠢᠬᠦᠯᠵᠤ᠂ ᠪᠦᠬᠦ ᠬᠤᠰᠢᠭᠤᠨ ᠤ ᠵᠢᠭᠤᠯᠴᠢᠯᠠᠯ ᠤᠨ ᠬᠦᠭᠵᠢᠯᠲᠡ ᠶᠢᠨ ᠵᠦᠪᠯᠡᠯ ᠢ ᠪᠠᠶᠢᠭᠤᠯᠵᠤ᠂ | ᠵᠢᠭᠤᠯᠴᠢᠯᠠᠯ ᠤᠨ ᠬᠦᠭᠵᠢᠯᠲᠡ ᠶᠢᠨ ᠴᠢᠬᠤᠯᠠ ᠶᠡᠭᠡ ᠪᠠᠶᠢᠯᠳᠤᠬᠤ ᠪᠤᠳᠤᠯᠭ᠎ᠠ ᠶᠢᠨ ᠳᠦᠯᠦᠪᠵᠢᠬᠦᠯᠭᠡ ᠪᠠ ᠴᠢᠬᠤᠯᠠ | ᠶᠡᠭᠡ ᠳᠦᠷᠦ ᠶᠢᠨ ᠪᠤᠳᠤᠯᠭ᠎ᠠ ᠶᠢᠨ ᠴᠢᠨᠠᠷ ᠲᠠᠢ ᠠᠷᠭ᠎ᠠ ᠠᠪᠴᠠᠯ ᠢ ᠳᠤᠭᠳᠠᠭᠰᠠᠨ ᠬᠤᠭᠤᠴᠠᠭ᠎ᠠ ᠲᠠᠢ ᠪᠠᠷ | ᠰᠤᠳᠤᠯᠤᠯᠳᠠ ᠬᠢᠨ᠎ᠡ᠃ ᠵᠢᠭᠤᠯᠴᠢᠯᠠᠯ ᠤᠨ ᠵᠠᠬ᠎ᠠ ᠳᠡᠯᠬᠡᠬᠦᠷ ᠤᠨ ᠶᠡᠷᠦᠩᠬᠡᠶᠢᠯᠡᠭᠰᠡᠨ ᠬᠢᠨᠠᠨ ᠬᠠᠮᠢᠶᠠᠷᠤᠯᠳᠠ ᠶᠢ | ᠴᠢᠩᠭᠠᠷᠠᠭᠤᠯᠵᠤ᠂ ᠵᠢᠭᠤᠯᠴᠢᠯᠠᠯ ᠤᠨ ᠵᠠᠬ᠎ᠠ ᠳᠡᠯᠬᠡᠬᠦᠷ ᠤᠨ ᠡᠮᠬᠢ ᠲᠢᠭᠯᠢᠮ ᠢ ᠰᠠᠮᠠᠭᠤᠷᠠᠭᠤᠯᠤᠭᠰᠠᠨ ᠬᠠᠤᠯᠢ ᠪᠤᠰᠤ | ᠠᠵᠢᠯᠯᠠᠭ᠎ᠠ ᠳᠤ ᠬᠦᠨᠳᠦ ᠴᠤᠬᠢᠯᠳᠠ ᠦᠭᠬᠦᠨ᠎ᠡ᠃ ᠵᠢᠭᠤᠯᠴᠢᠯᠠᠯ ᠤᠨ ᠴᠢᠳᠠᠪᠦᠷᠢᠳᠠᠨ ᠢ ᠳᠠᠳᠠᠨ ᠤᠷᠤᠭᠤᠯᠬᠤ ᠪᠠ | ᠪᠤᠶᠢᠵᠢᠭᠤᠯᠬᠤ ᠶᠢ ᠴᠢᠩᠭᠠᠳᠬᠠᠵᠤ᠂ ᠳᠤᠬᠠᠶᠢᠯᠠᠭᠰᠠᠨ ᠠᠵᠢᠯᠳᠠᠨ ᠤ ᠬᠦᠮᠦᠵᠢᠯ ᠪᠤᠯᠪᠠᠰᠤᠷᠠᠭᠤᠯᠤᠯ ᠢ ᠴᠢᠩᠭ᠎ᠠ | ᠠᠳᠬᠤᠵᠤ᠂ ᠵᠢᠭᠤᠯᠴᠢᠯᠠᠯ ᠤᠨ ᠦᠢᠯᠡᠴᠢᠯᠡᠬᠡᠨ ᠤ ᠬᠢᠷᠢ ᠲᠦᠪᠰᠢᠨ ᠢ ᠪᠦᠬᠦ ᠳᠠᠯ᠎ᠠ ᠪᠠᠷ ᠳᠡᠭᠡᠭᠰᠢᠯᠡᠬᠦᠯᠵᠤ᠂ ᠰᠠᠶᠢᠨ | ᠰᠠᠶᠢᠬᠠᠨ ᠵᠢᠭᠤᠯᠴᠢᠯᠠᠯ ᠤᠨ ᠤᠷᠴᠢᠨ ᠳᠤᠭᠤᠷᠢᠨ ᠢ ᠴᠢᠷᠮᠠᠶᠢᠨ ᠪᠤᠢ ᠪᠤᠯᠭᠠᠨ᠎ᠠ᠃ | ᠠᠷᠠᠯᠵᠢᠶ᠎ᠠ ᠬᠤᠳᠠᠯᠳᠤᠭ᠎ᠠ ᠶᠢᠨ ᠬᠦᠢᠯᠬᠡᠬᠡᠨ ᠤ ᠬᠦᠷᠢᠶᠡᠨ ᠤ ᠠᠵᠢᠯ ᠢ ᠰᠠᠶᠢᠳᠦᠷ ᠠᠳᠬᠤᠨ᠎ᠠ᠃ ︽ | ᠢᠨᠲᠷᠨ᠋ᠲ+︾ ᠶᠢᠨ ᠪᠠᠶᠢᠯᠳᠤᠭᠤ ᠪᠤᠳᠤᠯᠭ᠎ᠠ ᠶᠢ ᠬᠦᠨᠵᠡᠬᠡᠢ ᠭᠡᠷᠡᠭᠵᠢᠬᠦᠯᠵᠤ᠂ ︽ᠬᠤᠰᠢᠭᠤᠨ ᠳᠤ ᠳᠦᠪ | ᠪᠠᠶᠢᠭᠤᠯᠵᠤ᠂ ᠰᠤᠮᠤ ᠪᠠᠯᠭᠠᠰᠤᠨ ᠳᠤ ᠦᠷᠳᠡᠭᠡ ᠪᠠᠶᠢᠭᠤᠯᠤᠨ᠂ ᠭᠠᠴᠠᠭᠠᠨ ᠳᠤ ᠴᠡᠭ ᠪᠠᠶᠢᠭᠤᠯᠬᠤ︾ ᠭᠤᠷᠪᠠᠨ | ᠱᠠᠳᠤᠨ ᠤ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠦᠢᠯᠡᠴᠢᠯᠡᠬᠡᠨ ᠤ ᠰᠢᠰᠲ᠋ᠧᠮᠵᠢ ᠶᠢᠨ ᠪᠠᠶᠢᠭᠤᠯᠤᠯᠳᠠ ᠶᠢ | ᠳᠡᠬᠦᠯᠳᠡᠷᠵᠢᠬᠦᠯᠵᠤ᠂ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠠᠵᠤ ᠦᠢᠯᠡᠰ ᠤᠨ ᠳᠤᠭᠤᠷᠢᠭ ᠤᠨ ᠴᠢᠳᠠᠪᠬᠢ | ᠶᠢ ᠪᠠᠶᠠᠯᠢᠭᠵᠢᠭᠤᠯᠤᠨ᠂ ᠭᠤᠤᠯᠳᠠᠯᠭ᠎ᠠ ᠲᠠᠢ ᠠᠵᠤ ᠠᠬᠤᠶᠢᠯᠠᠯ᠂ ᠬᠤᠷᠰᠢᠶᠠᠵᠢᠯ ᠤᠨ ᠵᠤᠬᠢᠶᠠᠨ ᠪᠠᠶᠢᠭᠤᠯᠤᠯᠳᠠ ᠶᠢ | ᠢᠳᠡᠪᠬᠢᠲᠡᠢ ᠬᠦᠳᠦᠯᠦᠨ ᠳᠠᠭᠠᠭᠤᠯᠵᠤ᠂ ᠳᠤᠤᠷ ᠰᠦᠯᠵᠢᠶᠡᠨ ᠳᠡᠭᠡᠷ᠎ᠡ ᠪᠤᠷᠤᠯᠠᠭᠤᠯᠬᠤ ᠠᠷᠭ᠎ᠠ ᠵᠠᠮ ᠢ ᠦᠷᠭᠡᠳᠭᠡᠵᠤ᠂ | ᠮᠤᠩᠭᠤᠯ ᠤᠯᠤᠰ ᠯᠤᠭ᠎ᠠ ᠶᠢᠨ ᠬᠢᠯᠢ ᠠᠯᠤᠰᠯᠠᠭᠰᠠᠨ ᠳᠤᠬᠠᠶᠢᠯᠠᠭᠰᠠᠨ ᠠᠵᠢᠯ ᠤᠨ ᠬᠦᠷᠢᠶ᠎ᠡ ᠶᠢ ᠦᠷᠭᠡᠳᠭᠡᠨ᠂ | ᠬᠦᠳᠡᠭᠡ ᠳᠤᠰᠬᠤᠨ ᠤ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠬᠦᠭᠵᠢᠯᠲᠡ ᠶᠢᠨ ᠪᠦᠷᠢᠨ ᠳᠦᠬᠦᠷ ᠬᠡᠯᠬᠢᠶ᠎ᠡ | ᠶᠢ ᠳᠦᠷᠭᠡᠭᠡᠨ ᠪᠤᠢ ᠪᠤᠯᠭᠠᠨ᠎ᠠ᠃ ᠴᠢᠳᠠᠬᠤ ᠶᠢᠨ ᠬᠢᠷᠢ ᠪᠠᠷ ᠡᠯᠧᠺᠲᠷᠤᠨ ᠬᠤᠳᠠᠯᠳᠤᠭᠠᠨ ᠤ ᠠᠷᠠᠯᠵᠢᠶ᠎ᠠ ᠶᠢᠨ ᠳᠤᠭ᠎ᠠ | ᠶᠢ 30% ᠠᠴᠠ ᠳᠡᠭᠡᠭᠰᠢ ᠨᠡᠮᠡᠭᠳᠡᠬᠦᠯᠵᠤ᠂ ᠮᠠᠯᠴᠢᠨ ᠳᠠᠷᠢᠶᠠᠴᠢᠨ ᠤ ᠬᠦᠮᠦᠨ ᠳᠤᠮᠳᠠᠴᠢ ᠶᠢᠨ ᠤᠷᠤᠯᠭ᠎ᠠ ᠶᠢ | ᠨᠡᠮᠡᠭᠳᠡᠬᠦᠯᠦᠨ ᠵᠠᠷᠤᠯᠭ᠎ᠠ ᠶᠢ 1000 ᠳᠦᠬᠦᠷᠢᠭ ᠠᠷᠪᠢᠯᠠᠨ᠎ᠠ᠃ ᠤᠳᠤ ᠦᠶ᠎ᠡ ᠶᠢᠨ ᠪᠠᠷᠠᠭᠠᠨ ᠤ ᠬᠦᠢᠯᠬᠡᠬᠡᠨ ᠤ | ᠠᠷᠠᠯᠵᠢᠶ᠎ᠠ ᠬᠤᠳᠠᠯᠳᠤᠭᠠᠨ ᠤ ᠳᠦᠪ᠂ ᠳᠤᠮᠤ ᠬᠡᠯᠪᠡᠷᠢ ᠶᠢᠨ ᠵᠢᠵᠢᠭᠯᠡᠨ ᠪᠤᠷᠤᠯᠠᠭᠤᠯᠬᠤ ᠠᠷᠠᠯᠵᠢᠶᠠᠨ ᠤ ᠵᠠᠬ᠎ᠠ | ᠳᠡᠯᠬᠡᠬᠦᠷ ᠪᠠ ᠮᠠᠯᠵᠢᠬᠤ ᠳᠠᠷᠢᠶᠠᠯᠠᠬᠤ ᠤᠷᠤᠨ ᠤ ᠠᠷᠠᠯᠵᠢᠶᠠᠨ ᠤ ᠳᠤᠤᠷ ᠴᠡᠭ ᠤᠨ ᠪᠠᠶᠢᠭᠤᠯᠤᠯᠳᠠ ᠶᠢ | ᠳᠦᠷᠭᠡᠳᠬᠡᠨ᠎ᠡ᠃ ᠳᠦᠰᠢᠶᠡᠲᠦ ᠠᠷᠠᠯᠵᠢᠶᠠᠨ ᠤ ᠬᠤᠳᠠ ᠪᠠ ᠰᠢᠨ ᠰᠢᠨ ᠮᠠᠰᠢᠨ ᠳᠡᠷᠭᠡᠨ ᠤ ᠠᠷᠯᠵᠢᠶᠠᠨ ᠤ ᠬᠤᠳᠠ | ᠶᠢᠨ ᠳᠦᠷᠦᠯ ᠵᠦᠢᠯ ᠢ ᠠᠵᠢᠯ ᠡᠬᠢᠯᠡᠬᠦᠯᠦᠨ ᠪᠦᠲᠦᠭᠡᠨ ᠪᠠᠶᠢᠭᠤᠯᠤᠨ᠎ᠠ᠃ ᠬᠠᠩᠭᠠᠨ ᠪᠤᠷᠤᠯᠠᠭᠤᠯᠬᠤ ᠬᠤᠷᠰᠢᠶ᠎ᠠ ᠶᠢ | ᠪᠠᠷᠠᠭᠠᠨ ᠤ ᠬᠦᠢᠯᠬᠡᠬᠡᠨ ᠤ ᠦᠢᠯᠡᠴᠢᠯᠡᠭᠡᠨ ᠠᠴᠠ ᠪᠦᠬᠦ ᠶᠠᠪᠤᠴᠠ ᠪᠠᠷ ᠨᠡᠶᠢᠬᠡᠮᠴᠢᠯᠡᠭᠰᠡᠨ ᠦᠢᠯᠡᠴᠢᠯᠡᠭᠡ ᠳᠡᠰᠢ | ᠤᠷᠳᠤᠳᠬᠠᠵᠤ᠂ ᠮᠠᠯᠵᠢᠬᠤ ᠳᠠᠷᠢᠶᠠᠯᠠᠬᠤ ᠤᠷᠤᠨ ᠤ ᠦᠢᠯᠡᠴᠢᠯᠡᠬᠡᠨ ᠤ ᠳᠦᠪ ᠢ 10 ᠰᠠᠭᠤᠷᠢ ᠦᠭᠡᠷᠡᠴᠢᠯᠡᠨ | ᠪᠠᠶᠢᠭᠤᠯᠵᠤ᠂ ᠴᠢᠳᠠᠬᠤ ᠶᠢᠨ ᠬᠢᠷᠢ ᠪᠠᠷ ᠳᠤᠬᠢᠷᠠᠭᠤᠯᠤᠨ ᠬᠦᠷᠭᠡᠬᠦ ᠳᠤᠤᠷ ᠴᠡᠭ ᠢ ᠪᠦᠬᠦ ᠬᠤᠰᠢᠭᠤᠨ ᠤ ᠠᠯᠢᠪᠠ | ᠰᠤᠮᠤ ᠪᠠᠯᠭᠠᠰᠤᠨ ᠳᠤ ᠪᠦᠷᠬᠦᠬᠦᠯᠦᠨ᠎ᠡ᠃ | ︵ᠳᠦᠷᠪᠡ︶ ᠬᠦᠭᠵᠢᠯᠲᠡ ᠶᠢᠨ ᠬᠤᠷᠢᠭ᠎ᠠ ᠱᠤᠭᠤᠮ ᠢ ᠰᠠᠬᠢᠬᠤ ᠶᠢ ᠪᠠᠷᠢᠮᠳᠠᠯᠠᠵᠤ᠂ ᠳᠦᠷᠦᠯ ᠵᠦᠢᠯ ᠢ | ᠨᠦᠬᠡᠴᠡᠯᠡᠬᠦ᠂ ᠡᠳ᠋ ᠤᠨ ᠵᠠᠰᠠᠭ ᠭᠠᠶᠢᠯᠢ ᠮᠦᠩᠬᠦᠨ ᠬᠦᠢᠯᠭᠡᠭᠡᠨ ᠤ ᠠᠵᠢᠯ ᠢ ᠬᠦᠴᠦᠯᠡᠨ ᠰᠠᠶᠢᠳᠦᠷ ᠬᠢᠨ᠎ᠡ᠃ ︽ | ᠬᠦᠭᠵᠢᠯᠲᠡ ᠶᠢ ᠠᠳᠬᠤᠬᠤ ᠪᠤᠯ ᠳᠦᠷᠦᠯ ᠵᠦᠢᠯ ᠢ ᠠᠳᠬᠤᠵᠤ ᠪᠠᠶᠢᠭ᠎ᠠ︾ ᠤᠶᠢᠯᠠᠭᠠᠭᠳᠠᠬᠤᠨ ᠢ ᠪᠠᠳᠤ ᠪᠠᠬᠢ ᠪᠤᠢ | ᠪᠤᠯᠭᠠᠵᠤ᠂ ᠳᠦᠷᠦᠯ ᠵᠦᠢᠯ ᠢ ᠬᠦᠭᠵᠢᠯᠲᠡ ᠶᠢᠨ ᠠᠮᠢᠨ ᠰᠤᠳᠠᠰᠤ ᠪᠤᠯᠭᠠᠵᠤ᠂ ᠨᠡᠩ ᠶᠡᠭᠡ ᠡᠷᠡᠰ ᠴᠢᠩᠭ᠎ᠠ ᠢᠳᠡᠭᠡᠯ | ᠵᠤᠷᠢᠭ᠂ ᠠᠷᠭ᠎ᠠ ᠠᠪᠴᠠᠯ ᠢᠶᠠᠷ ᠳᠦᠷᠦᠯ ᠵᠦᠢᠯ ᠢ ᠳᠡᠮᠡᠴᠡᠨ ᠤᠯᠬᠤ ᠳᠡᠭᠡᠷ᠎ᠡ ᠬᠦᠴᠦ ᠳᠠᠯᠪᠢᠵᠤ᠂ ᠨᠢᠬᠡ ᠪᠦᠯᠦᠭ | ᠭᠤᠤᠯᠳᠠᠯᠭ᠎ᠠ ᠲᠠᠢ ᠳᠦᠷᠦᠯ ᠵᠦᠢᠯ᠂ ᠰᠠᠭᠤᠷᠢ ᠳᠦᠬᠦᠭᠡᠷᠦᠮᠵᠢ᠂ ᠠᠷᠠᠳ ᠤᠨ ᠠᠮᠢᠳᠤᠷᠠᠯ ᠤᠨ ᠢᠨᠵᠧᠨ᠋ᠸᠢᠷᠩ ᠤᠨ | ᠪᠡᠯᠡ ᠤᠷᠤᠭᠤᠯᠤᠯᠳᠠ ᠪᠠ ᠪᠦᠲᠦᠭᠡᠨ ᠪᠠᠶᠢᠭᠤᠯᠤᠯᠳᠠ ᠪᠠᠷ ᠳᠠᠮᠵᠢᠨ᠂ ᠠᠵᠤ ᠠᠬᠤᠢ ᠶᠢᠨ ᠪᠦᠲᠦᠴᠡ ᠶᠢᠨ | ᠳᠤᠬᠢᠷᠠᠭᠤᠯᠤᠯᠳᠠ ᠶᠢ ᠠᠬᠢᠭᠤᠯᠵᠤ᠂ ᠠᠵᠤ ᠠᠬᠤᠢ ᠶᠢᠨ ᠨᠡᠮᠡᠭᠳᠡᠯ ᠳᠤ ᠬᠦᠴᠦᠨ ᠪᠦᠬᠦᠢ ᠳᠤᠯᠭᠠᠭᠤᠷᠢᠯᠠᠯ ᠬᠠᠩᠭᠠᠨ᠎ᠠ | ᠃ | ᠳᠦᠷᠦᠯ ᠵᠦᠢᠯ ᠳᠤᠭᠳᠠᠭᠠᠵᠤ ᠪᠡᠯᠡ ᠮᠦᠩᠬᠦ ᠳᠡᠮᠡᠴᠡᠨ ᠤᠯᠬᠤ ᠶᠢ ᠳᠤᠪᠤᠶᠢᠯᠭᠠᠨ ᠰᠠᠶᠢᠳᠦᠷ ᠠᠳᠬᠤᠨ᠎ᠠ᠃ | ᠤᠯᠤᠰ ᠪᠠ ᠦᠪᠡᠷᠲᠡᠭᠡᠨ ᠵᠠᠰᠠᠬᠤ ᠤᠷᠤᠨ ᠤ ᠴᠢᠬᠤᠯᠠ ᠶᠡᠭᠡ ᠳᠦᠷᠦ ᠶᠢᠨ ᠪᠤᠳᠤᠯᠭ᠎ᠠ ᠶᠢ ᠨᠠᠷᠢᠯᠢᠭᠵᠢᠭᠤᠯᠤᠭᠰᠠᠨ | ᠪᠠ ᠳᠦᠷᠦᠯ ᠵᠦᠢᠯ ᠤᠨ ᠪᠦᠲᠦᠭᠡᠨ ᠪᠠᠶᠢᠭᠤᠯᠤᠯᠳᠠ ᠶᠢ ᠮᠦᠷᠳᠡᠨ ᠦᠵᠡᠵᠤ ᠰᠤᠯᠠᠷᠠᠭᠤᠯᠬᠤ ᠦᠬᠡᠢ ᠪᠠᠶᠢᠵᠤ᠂ | ᠰᠠᠨᠠᠭᠠᠴᠢᠯᠠᠭ᠎ᠠ ᠠᠴᠠ ᠪᠠᠨ ᠡᠷᠢᠵᠤ᠂ ᠳᠦᠷᠭᠡᠨ ᠢᠶᠠᠷ ᠲᠠᠭᠠᠨ ᠳᠡᠮᠡᠴᠡᠨ ᠤᠯᠤᠨ᠎ᠠ᠃ ᠭᠤᠤᠯᠳᠠᠯᠭ᠎ᠠ ᠨᠢ ᠪᠦᠬᠦ | ᠳᠠᠯᠠᠲᠦ ᠴᠢᠨᠠᠷ᠂ ᠰᠠᠭᠤᠷᠢ ᠶᠢᠨ ᠴᠢᠨᠠᠷ᠂ ᠪᠠᠶᠢᠯᠳᠤᠬᠤ ᠪᠤᠳᠤᠯᠭ᠎ᠠ ᠶᠢᠨ ᠴᠢᠨᠠᠷ ᠲᠠᠢ ᠵᠠᠰᠠᠮᠠᠯ ᠵᠠᠮ᠂ ᠬᠤᠳᠠ | ᠪᠠᠯᠭᠠᠰᠤᠨ ᠤ ᠪᠦᠲᠦᠭᠡᠨ ᠪᠠᠶᠢᠭᠤᠯᠤᠯᠳᠠ᠂ ᠰᠤᠶᠤᠯ ᠵᠢᠭᠤᠯᠴᠢᠯᠠᠯ᠂ ᠠᠮᠢ ᠠᠬᠤᠢ ᠶᠢ ᠵᠠᠰᠠᠬᠤ᠂ ᠳᠠᠷᠢᠵᠤ | ᠨᠦᠬᠦᠪᠦᠷᠢᠯᠡᠬᠦ ᠶᠢ ᠳᠡᠩᠴᠡᠬᠦᠷᠢᠰᠢᠬᠦᠯᠬᠦ᠂ ᠴᠠᠬᠢᠯᠭᠠᠨ ᠤ ᠳᠤᠤᠷ ᠢ ᠦᠭᠡᠷᠡᠴᠢᠯᠡᠬᠦ ᠵᠡᠷᠭᠡ ᠬᠦᠷᠢᠶ᠎ᠡ ᠴᠠᠷᠠᠭ᠎ᠠ ᠳᠡᠭᠡᠷ᠎ᠡ | ᠰᠢᠪᠳᠤᠯᠤᠯᠳᠠ ᠲᠠᠢ ᠪᠠᠶᠢᠬᠤ ᠶᠢ ᠪᠡᠶᠡᠯᠡᠬᠦᠯᠦᠨ᠎ᠡ᠃ ᠤᠯᠤᠰ᠂ ᠦᠪᠡᠷᠲᠡᠭᠡᠨ ᠵᠠᠰᠠᠬᠤ ᠤᠷᠤᠨ᠂ ᠠᠶᠢᠮᠠᠭ ᠤᠨ | ᠰᠢᠭᠤᠳ ᠬᠠᠷᠢᠶ᠎ᠠ ᠰᠠᠯᠠᠭ᠎ᠠ ᠮᠦᠴᠢᠷ ᠲᠠᠢ ᠤᠶᠢᠯᠠᠭᠠᠯᠴᠠᠨ ᠬᠠᠷᠢᠯᠴᠠᠬᠤ ᠶᠢ ᠴᠢᠩᠭᠠᠳᠬᠠᠵᠤ᠂ ᠴᠢᠳᠠᠬᠤ ᠶᠢᠨ ᠬᠢᠷᠢ | ᠪᠠᠷ ᠨᠢᠬᠡ ᠪᠦᠯᠦᠭ ᠬᠦᠨᠳᠦ ᠶᠡᠭᠡ ᠳᠦᠷᠦᠯ ᠵᠦᠢᠯ ᠪᠠ ᠰᠡᠳᠦᠨ ᠪᠠᠶᠢᠭᠤᠯᠬᠤ ᠳᠦᠷᠦᠯ ᠵᠦᠢᠯ ᠢ ᠦᠪᠡᠷᠲᠡᠭᠡᠨ | ᠵᠠᠰᠠᠬᠤ ᠤᠷᠤᠨ ᠤ ︽13᠂ 5︾ ᠵᠢᠯ ᠤᠨ ᠳᠦᠯᠦᠪᠵᠢᠬᠦᠯᠭᠡ ᠪᠠ ᠡᠯ᠎ᠡ ᠳᠦᠷᠦᠯ ᠤᠨ ᠳᠤᠰᠬᠠᠢ ᠵᠦᠢᠯ ᠤᠨ | ᠳᠦᠯᠦᠪᠵᠢᠬᠦᠯᠭᠡ ᠳᠤ ᠤᠷᠤᠭᠤᠯᠵᠤ᠂ ᠳᠡᠭᠡᠲᠦ ᠱᠠᠳᠤᠨ ᠤ ᠲᠦᠷᠦ ᠶᠢᠨ ᠪᠤᠳᠤᠯᠭ᠎ᠠ ᠶᠢᠨ ᠦᠷ᠎ᠡ ᠳ᠋ᠦᠩ ᠢ | ᠪᠤᠳᠠᠳᠠᠶᠢᠵᠢᠭᠤᠯᠤᠨ ᠶᠡᠬᠡᠳᠭᠡᠨ᠎ᠡ᠃ ᠳᠦᠷᠦᠯ ᠵᠦᠢᠯ ᠢ ᠰᠡᠳᠦᠨ ᠳᠦᠯᠦᠪᠯᠡᠬᠦ᠂ ᠰᠢᠭᠰᠢᠯᠲᠡ ᠬᠢᠬᠦ᠂ ᠭᠤᠶᠤᠴᠢᠯᠠᠨ | ᠮᠡᠳᠡᠬᠦᠯᠬᠦ ᠵᠡᠷᠭᠡ ᠡᠮᠦᠨᠡᠬᠢ ᠬᠤᠭᠤᠴᠠᠭᠠᠨ ᠤ ᠠᠵᠢᠯ ᠢ ᠨᠠᠷᠢᠨ ᠬᠢᠨᠠᠮᠠᠭᠠᠢ ᠰᠠᠶᠢᠳᠦᠷ ᠬᠢᠵᠤ᠂ ᠳᠤᠭᠳᠠᠭᠰᠠᠨ | ᠬᠤᠭᠤᠴᠠᠭ᠎ᠠ ᠲᠠᠢ ᠪᠠᠷ ᠳᠦᠷᠦᠯ ᠵᠦᠢᠯ ᠤᠨ ᠬᠦᠮᠦᠷᠭᠡ ᠶᠢ ᠰᠢᠨᠡᠳᠭᠡᠨ ᠳᠡᠬᠦᠯᠳᠡᠷᠵᠢᠬᠦᠯᠵᠤ᠂ ᠶᠠᠪᠤᠵᠤ ᠡᠷᠬᠢᠯᠡᠬᠦ | ᠬᠦᠴᠦᠯᠡᠴᠡ ᠪᠠᠨ ᠨᠡᠮᠡᠭᠳᠡᠬᠦᠯᠵᠤ᠂ ᠳᠤᠭᠳᠠᠭᠰᠠᠨ ᠬᠤᠭᠤᠴᠠᠭ᠎ᠠ ᠲᠠᠢ ᠪᠠᠷ ᠳᠤᠬᠢᠷᠠᠭᠤᠯᠤᠯᠳᠠ ᠬᠢᠵᠤ᠂ ᠰᠢᠯᠭᠠᠨ | ᠳᠤᠭᠳᠠᠭᠠᠵᠤ᠂ ᠵᠠᠷᠯᠠᠵᠤ᠂ ᠨᠢᠬᠡ ᠪᠦᠯᠦᠭ ᠢ ᠠᠵᠢᠯ ᠡᠬᠢᠯᠡᠬᠦᠯᠦᠨ᠂ ᠨᠢᠬᠡ ᠪᠦᠯᠦᠭ ᠢ ᠪᠠᠶᠢᠭᠤᠯᠵᠤ᠂ ᠨᠢᠬᠡ ᠪᠦᠯᠦᠭ | ᠢ ᠠᠰᠢᠭᠯᠠᠯᠳᠠ ᠳᠤ ᠤᠷᠤᠭᠤᠯᠤᠨ᠂ ᠨᠢᠬᠡ ᠪᠦᠯᠦᠭ ᠢ ᠨᠦᠬᠡᠴᠡᠯᠡᠬᠦ ᠶᠢ ᠪᠠᠳᠤᠯᠠᠨ᠎ᠠ᠃ | ᠠᠷᠠᠯᠵᠢᠶᠠᠴᠢᠨ ᠤᠷᠢᠵᠤ ᠪᠡᠯᠡ ᠤᠷᠤᠭᠤᠯᠬᠤ ᠬᠦᠴᠦᠯᠡᠴᠡ ᠪᠠᠨ ᠨᠡᠮᠡᠭᠳᠡᠬᠦᠯᠦᠨ᠎ᠡ᠃ ᠠᠷᠠᠯᠵᠢᠶᠠᠴᠢᠨ ᠤᠷ᠊ ᠵᠵᠤ ᠪᠡᠯᠡ | ᠤᠷᠤᠭᠤᠯᠬᠤ ᠶᠢ ᠬᠦᠭᠵᠢᠯᠲᠡ ᠶᠢ ᠠᠬᠢᠭᠤᠯᠬᠤ ᠴᠢᠬᠤᠯᠠ ᠠᠷᠭ᠎ᠠ ᠠᠪᠴᠠᠯ ᠪᠤᠯᠭᠠᠨ᠎ᠠ᠃ ᠠᠵᠤ ᠦᠢᠯᠡᠰ ᠢᠶᠠᠷ | ᠠᠷᠠᠯᠵᠢᠶᠠᠴᠢᠨ ᠤᠷᠢᠬᠤ ᠶᠢ ᠴᠢᠩᠭᠠᠷᠠᠭᠤᠯᠤᠨ᠎ᠠ᠃ ︽ᠭᠤᠷᠪᠠᠨ ᠶᠡᠭᠡ ᠠᠵᠤ ᠦᠢᠯᠡᠰ︾ ᠢ ᠬᠦᠭᠵᠢᠬᠦᠯᠬᠦ ᠤᠷᠤᠨ | ᠳᠤᠭᠳᠠᠭᠠᠯᠳᠠ ᠶᠢᠨ ᠳᠤᠭᠤᠷᠢᠨ ᠳᠤ᠂ ᠭᠤᠤᠯᠳᠠᠯᠭ᠎ᠠ ᠲᠠᠢ᠂ ᠬᠠᠨᠳᠤᠯᠭᠠᠲᠦ ᠴᠢᠨᠠᠷ ᠲᠠᠢ ᠪᠠᠷ ᠠᠷᠠᠯᠵᠢᠶᠠᠴᠢᠨ | ᠤᠷᠢᠵᠤ᠂ ᠨᠢᠬᠡ ᠪᠦᠯᠦᠭ ᠠᠵᠢᠯ ᠲᠦᠷᠦᠯ ᠤᠨ ᠬᠦᠭᠵᠢᠯᠲᠡ ᠶᠢ ᠳᠠᠶᠢᠴᠢᠯᠠᠬᠤ᠂ ᠠᠵᠤ ᠦᠢᠯᠡᠰ ᠤᠨ ᠳᠡᠰ ᠳᠡᠪᠰᠢᠬᠦ | ᠶᠢ ᠬᠦᠳᠦᠯᠦᠨ ᠳᠠᠭᠠᠭᠤᠯᠬᠤ᠂ ᠬᠦᠭᠵᠢᠯᠲᠡ ᠶᠢᠨ ᠬᠦᠷᠦᠯᠴᠡᠬᠦ ᠦᠬᠡᠢ ᠳᠠᠯ᠎ᠠ ᠶᠢ ᠨᠦᠬᠦᠪᠦᠷᠢᠯᠡᠬᠦ᠂ ᠪᠠᠳᠤᠯᠠᠭ᠎ᠠ ᠶᠢᠨ | ᠴᠢᠳᠠᠪᠦᠷᠢ ᠶᠢ ᠴᠢᠩᠭᠠᠷᠠᠭᠤᠯᠬᠤ ᠶᠡᠭᠡ ᠳᠦᠷᠦᠯ ᠵᠦᠢᠯ᠂ ᠰᠠᠶᠢᠨ ᠳᠦᠷᠦᠯ ᠵᠦᠢᠯ ᠢ ᠬᠦᠴᠦᠯᠡᠨ ᠤᠷᠤᠭᠤᠯᠤᠨ᠎ᠠ᠃ | ᠰᠠᠨᠠᠭᠠᠴᠢᠯᠠᠭ᠎ᠠ ᠠᠴᠠ ᠪᠠᠨ ᠤᠷᠤᠨ ᠤ ᠳᠤᠳᠤᠨ᠎ᠠ ᠭᠠᠳᠠᠨᠠᠬᠢ ᠠᠵᠤ ᠠᠬᠤᠶᠢᠯᠠᠯ ᠲᠠᠢ ᠤᠶᠢᠯᠠᠭᠠᠯᠴᠠᠨ ᠨᠡᠶᠢᠯᠡᠯᠲᠡ | ᠬᠢᠬᠦ ᠶᠢ ᠴᠢᠩᠭᠠᠳᠬᠠᠵᠤ᠂ ᠳᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠯᠲᠡ᠂ ᠠᠷᠢᠭᠤᠨ ᠴᠡᠪᠡᠷ ᠡᠨᠧᠷᠬᠢ | ᠶᠢᠨ ᠰᠤᠷᠪᠤᠯᠵᠢ᠂ ᠰᠤᠶᠤᠯ ᠵᠢᠭᠤᠯᠴᠢᠯᠠᠯ ᠢ ᠨᠡᠬᠡᠬᠡᠬᠦ᠂ ᠬᠤᠳᠠ ᠶᠢᠨ ᠪᠦᠲᠦᠭᠡᠨ ᠪᠠᠶᠢᠭᠤᠯᠤᠯᠳᠠ ᠵᠡᠷᠭᠡ ᠤᠯᠠᠨ ᠳᠠᠯ᠎ᠠ | ᠪᠠᠷ ᠬᠠᠮᠵᠢᠯᠴᠠᠭ᠎ᠠ ᠬᠢᠬᠦ ᠶᠢ ᠠᠬᠢᠭᠤᠯᠵᠤ᠂ ᠳᠦᠷᠦᠯ ᠵᠦᠢᠯ ᠤᠨ ᠡᠷᠳᠡ ᠡᠳᠦᠷ ᠨᠤᠳᠤᠭᠰᠢᠬᠤ ᠶᠢ ᠪᠠᠳᠤᠯᠠᠨ᠎ᠠ᠃ | ᠠᠷᠠᠯᠵᠢᠶᠠᠴᠢᠨ ᠤᠷᠢᠬᠤ ᠬᠡᠯᠪᠡᠷᠢ ᠪᠠᠨ ᠰᠢᠨᠡᠳᠭᠡᠨ᠎ᠡ᠃ ︽ᠭᠤᠷᠪᠠᠨ ᠶᠡᠭᠡ ᠠᠵᠤ ᠦᠢᠯᠡᠰ︾ ᠤᠨ ᠬᠡᠯᠬᠢᠶ᠎ᠡ ᠶᠢᠨ | ᠳᠤᠭᠤᠷᠢᠨ ᠳᠤ᠂ ᠠᠷᠠᠯᠵᠢᠶᠠᠴᠢᠨ ᠢᠶᠠᠷ ᠠᠷᠠᠯᠵᠢᠶᠠᠴᠢᠨ ᠤᠷᠢᠬᠤ᠂ ᠤᠨᠢᠨ ᠳᠡᠭᠡᠷ᠎ᠡ ᠨᠢ ᠠᠷᠠᠯᠵᠢᠶᠠᠴᠢᠨ ᠤᠷᠢᠬᠤ᠂ | ᠳᠤᠰᠬᠠᠶᠢᠵᠢᠯᠠᠨ ᠠᠷᠠᠯᠵᠢᠶᠠᠴᠢᠨ ᠤᠷᠢᠬᠤ ᠪᠠ ᠴᠡᠭ ᠳᠤᠭᠳᠠᠭᠠᠨ ᠠᠷᠠᠯᠵᠢᠶᠠᠴᠢᠨ ᠤᠷᠢᠬᠤ ᠶᠢ ᠴᠢᠩᠭᠠᠷᠠᠭᠤᠯᠵᠤ᠂ | ᠴᠢᠳᠠᠬᠤ ᠶᠢᠨ ᠬᠢᠷᠢ ᠪᠠᠷ᠂ ᠨᠠᠷᠢᠯᠢᠭ ᠬᠦᠨ ᠪᠤᠯᠪᠠᠰᠤᠷᠠᠭᠤᠯᠬᠤ ᠠᠵᠤ ᠠᠬᠤᠶᠢᠯᠠᠯ ᠪᠠ ᠰᠢᠨᠵᠢᠯᠡᠭᠡ ᠮᠡᠷᠭᠡᠵᠢᠯ ᠤᠨ | ᠰᠢᠨ᠎ᠡ ᠶᠢ ᠡᠬᠦᠳᠬᠦ ᠠᠵᠤ ᠠᠬᠤᠶᠢᠯᠠᠯ ᠢ ᠳᠠᠳᠠᠨ ᠤᠷᠤᠭᠤᠯᠬᠤ ᠳᠡᠭᠡᠷ᠎ᠡ ᠰᠢᠨ᠎ᠡ ᠰᠢᠪᠳᠤᠯᠤᠯᠳᠠ ᠶᠢ ᠪᠡᠶᠡᠯᠡᠬᠦᠯᠦᠨ᠎ᠡ᠃ | ᠠᠷᠠᠯᠵᠢᠶᠠᠴᠢᠨ ᠤᠷᠢᠬᠤ ᠤᠷᠴᠢᠨ ᠳᠤᠭᠤᠷᠢᠨ ᠢ ᠰᠢᠯᠢᠳᠡᠭᠵᠢᠬᠦᠯᠦᠨ᠎ᠡ᠃ ᠪᠡᠯᠡ ᠤᠷᠤᠭᠤᠯᠤᠯᠳᠠ ᠶᠢᠨ ᠤᠷᠴᠢᠨ | ᠳᠤᠭᠤᠷᠢᠨ᠂ ᠰᠢᠨ᠎ᠡ ᠶᠢ ᠡᠬᠦᠳᠬᠦ ᠤᠷᠴᠢᠨ ᠳᠤᠭᠤᠷᠢᠨ ᠢ ᠤᠯᠠᠮ ᠨᠢᠬᠡ ᠠᠯᠬᠤᠮ ᠰᠠᠶᠢᠵᠢᠷᠠᠭᠤᠯᠵᠤ᠂ ︽ᠳᠤᠳᠤᠨᠤ︾ | ᠂ ︽ᠴᠡᠪᠡᠷ︾ ᠰᠢᠨ᠎ᠡ ᠬᠡᠯᠪᠡᠷᠢ ᠶᠢᠨ ᠵᠠᠰᠠᠭ ᠤᠨ ᠤᠷᠳᠤᠨ ᠠᠷᠠᠯᠵᠢᠶᠠᠴᠢᠨ ᠤ ᠬᠠᠷᠢᠴᠠᠭ᠎ᠠ ᠶᠢ ᠪᠤᠢ ᠪᠤᠯᠭᠠᠵᠤ᠂ ︽ | ᠠᠷᠠᠯᠵᠢᠶᠠᠴᠢᠨ ᠢ ᠬᠦᠨᠳᠦᠯᠡᠵᠤ᠂ ᠠᠷᠠᠯᠵᠢᠶᠠᠴᠢᠨ ᠢ ᠳᠤᠳᠤᠨᠤᠴᠢᠯᠠᠬᠤ᠂ ᠠᠷᠠᠯᠵᠢᠶᠠᠴᠢᠨ ᠢ ᠠᠮᠤᠷᠵᠢᠭᠤᠯᠬᠤ᠂ | ᠠᠷᠠᠯᠵᠢᠶᠠᠴᠢᠨ ᠢ ᠪᠠᠶᠠᠵᠢᠭᠤᠯᠬᠤ︾ ᠪᠠᠶᠢᠳᠠᠯ ᠢ ᠪᠤᠢ ᠪᠤᠯᠭᠠᠨ᠎ᠠ᠃ ᠠᠷᠠᠯᠵᠢᠶᠠᠴᠢᠨ ᠤᠷᠢᠬᠤ ᠪᠡᠯᠡ ᠤᠷᠤᠭᠤᠯᠬᠤ | ᠳᠦᠷᠦ ᠶᠢᠨ ᠪᠤᠳᠤᠯᠭ᠎ᠠ ᠶᠢ ᠨᠠᠷᠢᠨ ᠬᠢᠨᠠᠮᠠᠭᠠᠢ ᠬᠦᠢᠴᠡᠳᠭᠡᠵᠤ᠂ ᠳᠦᠷᠦᠯ ᠵᠦᠢᠯ ᠤᠨ ᠪᠤᠯᠵᠤᠭ᠎ᠠ ᠪᠠᠨ ᠬᠦᠢᠴᠡᠳᠭᠡᠬᠦ | ᠨᠤᠷᠮ᠎ᠠ᠂ ᠪᠡᠯᠡ ᠮᠦᠩᠬᠦ ᠤᠷᠤᠵᠤ ᠢᠷᠡᠬᠦ ᠨᠤᠷᠮ᠎ᠠ ᠶᠢ ᠳᠡᠭᠡᠭᠰᠢᠯᠡᠬᠦᠯᠦᠨ᠎ᠡ᠃ | ᠪᠡᠯᠡ ᠤᠷᠤᠭᠤᠯᠬᠤ ᠪᠡᠯᠡ ᠬᠤᠷᠠᠮᠳᠤᠭᠤᠯᠬᠤ ᠠᠷᠭ᠎ᠠ ᠵᠠᠮ ᠢ ᠦᠷᠭᠡᠳᠭᠡᠨ᠎ᠡ᠃ ︽ᠳᠤᠬᠢᠷᠠᠮᠵᠢᠳᠠᠢ ᠤᠷᠢᠳᠴᠢᠯᠠᠬᠤ︾ | ᠵᠠᠷᠴᠢᠮ ᠶᠤᠰᠤᠭᠠᠷ᠂ ᠪᠡᠯᠡ ᠤᠷᠤᠭᠤᠯᠤᠨ ᠪᠡᠯᠡ ᠬᠤᠷᠠᠮᠳᠤᠭᠤᠯᠬᠤ ᠬᠦᠴᠦᠯᠡᠴᠡ ᠪᠠᠨ ᠨᠡᠮᠡᠭᠳᠡᠬᠦᠯᠵᠤ᠂ ᠮᠦᠩᠬᠦᠨ | ᠬᠦᠢᠯᠭᠡᠭᠡᠨ ᠤ ᠡᠳ᠋ ᠬᠦᠷᠦᠩᠭᠡ᠂ ᠨᠡᠶᠢᠬᠡᠮ ᠤᠨ ᠡᠳ᠋ ᠬᠦᠷᠦᠩᠭᠡ ᠶᠢ ᠳᠠᠳᠠᠨ ᠤᠷᠤᠭᠤᠯᠵᠤ ᠳᠤᠮᠳᠠᠳᠤ ᠬᠤᠰᠢᠭᠤᠨ ᠤ | ᠪᠦᠲᠦᠭᠡᠨ ᠪᠠᠶᠢᠭᠤᠯᠤᠯᠳᠠ ᠳᠤ ᠤᠷᠤᠯᠴᠠᠭᠤᠯᠤᠨ᠎ᠠ᠃ PPP ᠶᠢᠨ ᠬᠡᠪ ᠵᠠᠭᠪᠤᠷ ᠢ ᠪᠦᠬᠦ ᠳᠠᠯ᠎ᠠ ᠪᠠᠷ ᠳᠡᠯᠬᠡᠷᠡᠬᠦᠯᠵᠤ | ᠂ ᠠᠷᠠᠳ ᠤᠨ ᠪᠡᠯᠡ ᠮᠦᠩᠬᠦ ᠶᠢᠨ ᠤᠯᠠᠨ ᠨᠡᠶᠢᠲᠡ ᠶᠢᠨ ᠦᠢᠯᠡᠴᠢᠯᠡᠭᠡ᠂ ᠠᠮᠢ ᠠᠬᠤᠢ ᠶᠢᠨ ᠤᠷᠴᠢᠨ ᠳᠤᠭᠤᠷᠢᠨ ᠢ | ᠬᠠᠮᠠᠭᠠᠯᠠᠬᠤ᠂ ᠵᠠᠮ ᠬᠠᠷᠢᠯᠴᠠᠭ᠎ᠠ᠂ ᠬᠤᠳᠠ ᠶᠢᠨ ᠶᠠᠪᠤᠳᠠᠯ ᠤᠨ ᠳᠦᠬᠦᠬᠡᠷᠦᠮᠵᠢ᠂ ᠰᠤᠶᠤᠯ ᠵᠢᠭᠤᠯᠴᠢᠯᠠᠯ ᠵᠡᠷᠭᠡ | ᠬᠦᠷᠢᠶ᠎ᠡ ᠴᠠᠷᠠᠭ᠎ᠠ ᠶᠢᠨ ᠪᠦᠲᠦᠭᠡᠨ ᠪᠠᠶᠢᠭᠤᠯᠤᠯᠳᠠ ᠳᠤ ᠤᠷᠤᠯᠴᠠᠬᠤ ᠶᠢ ᠵᠤᠷᠢᠭᠵᠢᠭᠤᠯᠤᠨ᠎ᠠ᠃ ᠳᠦᠷᠦᠯ ᠵᠦᠢᠯ ᠢ | ᠰᠡᠳᠦᠨ ᠳᠦᠯᠦᠪᠯᠡᠬᠦ᠂ ᠨᠤᠳᠠᠯᠠᠯᠳᠠ ᠬᠢᠬᠦ᠂ ᠳᠠᠶᠢᠯᠪᠦᠷᠢᠯᠠᠬᠤ ᠠᠵᠢᠯ ᠢ ᠰᠠᠶᠢᠳᠦᠷ ᠬᠢᠵᠤ᠂ ᠴᠢᠳᠠᠬᠤ ᠶᠢᠨ ᠬᠢᠷᠢ ᠪᠠᠷ | ᠨᠡᠩ ᠤᠯᠠᠨ ᠳᠦᠷᠦᠯ ᠵᠦᠢᠯ ᠢ ᠤᠯᠤᠰ ᠪᠠ ᠦᠪᠡᠷᠲᠡᠭᠡᠨ ᠵᠠᠰᠠᠬᠤ ᠤᠷᠤᠨ ᠤ PPP ᠶᠢᠨ ᠳᠦᠷᠦᠯ ᠵᠦᠢᠯ ᠤᠨ | ᠬᠦᠮᠦᠷᠭᠡ ᠳᠤ ᠤᠷᠤᠭᠤᠯᠵᠤ᠂ ᠪᠠᠭᠤᠯᠭᠠᠵᠤ ᠪᠤᠯᠬᠤ᠂ ᠳᠡᠯᠬᠡᠷᠡᠬᠦᠯᠵᠤ ᠪᠤᠯᠬᠤ ᠠᠮᠵᠢᠯᠳᠠ ᠤᠯᠤᠭᠰᠠᠨ ᠳᠤᠷᠰᠢᠯᠭ᠎ᠠ | ᠪᠤᠯᠭᠠᠨ᠎ᠠ᠃ ᠡᠯ᠎ᠡ ᠠᠵᠢᠯ ᠳᠦᠷᠦᠯ᠂ ᠡᠯ᠎ᠡ ᠬᠦᠷᠢᠶ᠎ᠡ ᠴᠠᠷᠠᠭ᠎ᠠ ᠶᠢᠨ ᠡᠬᠢ ᠪᠠᠶᠠᠯᠢᠭ ᠢ ᠨᠢᠬᠡᠳᠭᠡᠵᠤ᠂ ᠠᠵᠢᠯᠯᠠᠭᠠᠨ ᠤ | ᠬᠡᠪ ᠵᠠᠭᠪᠤᠷ ᠢ ᠳᠦᠷᠢᠮᠵᠢᠬᠦᠯᠦᠨ᠂ ᠬᠤᠳᠠ ᠶᠢᠨ ᠪᠡᠯᠡ ᠤᠷᠤᠭᠤᠯᠤᠯᠳᠠ᠂ ᠳᠠᠷᠢᠶᠠᠯᠠᠩ ᠤᠨ ᠪᠡᠯᠡ ᠤᠷᠤᠭᠤᠯᠤᠯᠳᠠ | ᠵᠡᠷᠭᠡ ᠵᠠᠰᠠᠭ ᠤᠨ ᠤᠷᠳᠤᠨ ᠤ ᠪᠡᠯᠡ ᠬᠤᠷᠠᠮᠳᠤᠭᠤᠯᠬᠤ ᠳᠠᠪᠴᠠᠩ ᠢ ᠪᠤᠵᠠᠭᠠᠶᠢᠷᠠᠭᠤᠯᠵᠤ᠂ ᠪᠡᠯᠡ ᠬᠤᠷᠠᠮᠳᠤᠭᠤᠯᠬᠤ | ᠴᠢᠳᠠᠪᠦᠷᠢ ᠪᠠᠨ ᠴᠢᠩᠭᠠᠷᠠᠭᠤᠯᠤᠨ᠎ᠠ᠃ ᠤᠯᠤᠰ ᠤᠨ ᠳᠡᠮᠳᠡᠭᠲᠦ ᠶᠢᠨ ᠬᠢᠨᠠᠨ ᠬᠠᠮᠢᠶᠠᠷᠤᠯᠳᠠ ᠶᠢᠨ ᠵᠦᠪᠯᠡᠯ ᠤᠨ | ᠶᠠᠳᠠᠭᠤ ᠬᠦᠴᠢᠷᠳᠡᠯᠲᠡᠢ ᠭᠠᠵᠠᠷ ᠤᠷᠤᠨ ᠤ ᠠᠵᠤ ᠠᠬᠤᠶᠢᠯᠠᠯ ᠢ ᠰᠲ᠋ᠤᠺ ᠳᠤ ᠭᠠᠷᠭᠠᠬᠤ ᠳᠡᠳᠬᠦᠨ ᠳᠡᠮᠵᠢᠬᠦ ᠳᠦᠷᠦ | ᠶᠢᠨ ᠪᠤᠳᠤᠯᠭ᠎ᠠ ᠶᠢ ᠰᠠᠶᠢᠳᠦᠷ ᠬᠡᠷᠡᠭᠯᠡᠵᠤ᠂ ᠯᠠᠢ ᠳ᠋ᠧ ᠠᠳᠤᠭᠤᠨ ᠤ ᠦᠢᠯᠡᠰ᠂ ᠵᠢᠩ ᠺᠧ ᠴᠠᠬᠢᠯᠭᠠᠨ ᠤ | ᠦᠢᠯᠡᠳᠪᠦᠷᠢ ᠵᠡᠷᠭᠡ ᠠᠵᠤ ᠠᠬᠤᠶᠢᠯᠠᠯ ᠤᠨ ᠰᠲ᠋ᠤᠺ ᠳᠤ ᠭᠠᠷᠬᠤ ᠶᠢ ᠪᠦᠬᠦ ᠬᠦᠴᠦᠨ ᠢᠶᠠᠷ ᠢᠶᠠᠨ ᠠᠬᠢᠭᠤᠯᠤᠨ᠎ᠠ᠃ | ᠪᠦᠲᠦᠭᠡᠨ ᠪᠠᠶᠢᠭᠤᠯᠤᠯᠳᠠ ᠶᠢᠨ ᠪᠠᠩᠬᠢ᠂ ᠪᠤᠭᠤᠳᠤ ᠶᠢᠨ ᠠᠷᠠᠯᠵᠢᠶᠠᠨ ᠤ ᠪᠠᠩᠬᠢ ᠵᠡᠷᠭᠡ ᠮᠦᠩᠬᠦᠨ ᠬᠦᠢᠯᠭᠡᠭᠡᠨ ᠤ | ᠪᠠᠶᠢᠭᠤᠯᠤᠮᠵᠢ ᠶᠢ ᠢᠳᠡᠪᠬᠢᠲᠡᠢ ᠪᠠᠷ ᠳᠠᠳᠠᠨ ᠤᠷᠤᠭᠤᠯᠵᠤ ᠨᠤᠳᠤᠭᠰᠢᠭᠤᠯᠤᠨᠠ᠃ ᠨᠡᠶᠢᠳᠡᠮ ᠠᠰᠢᠭ ᠬᠦᠷᠳᠡᠭᠡᠬᠦ | ᠮᠦᠩᠬᠦᠨ ᠬᠦᠢᠯᠭᠡᠭᠡᠨ ᠢ ᠶᠡᠬᠡᠪᠡᠷ ᠬᠦᠭᠵᠢᠬᠦᠯᠵᠤ᠂ ᠵᠠᠬ᠎ᠠ ᠳᠡᠯᠬᠡᠬᠦᠷ ᠤᠨ ᠳᠠᠭᠠᠭᠠᠯᠳᠠ ᠶᠢᠨ ᠰᠢᠰᠲ᠋ᠧᠮᠵᠢ ᠪᠠ | ᠢᠳᠡᠭᠡᠮᠵᠢ ᠶᠢᠨ ᠰᠢᠰᠲ᠋ᠧᠮᠵᠢ ᠶᠢᠨ ᠪᠠᠶᠢᠭᠤᠯᠤᠯᠳᠠ ᠶᠢ ᠳᠦᠷᠭᠡᠳᠭᠡᠵᠤ᠂ ᠪᠡᠯᠡ ᠬᠤᠷᠠᠮᠳᠤᠭᠤᠯᠬᠤ ᠬᠦᠴᠢᠷᠳᠡᠯ | ᠠᠰᠠᠭᠤᠳᠠᠯ ᠢ ᠬᠦᠴᠦᠯᠡᠨ ᠰᠢᠢᠳᠪᠦᠷᠯᠡᠨᠡ᠃ | ᠡᠳ᠋ ᠤᠨ ᠵᠠᠰᠠᠭ ᠭᠠᠶᠢᠯᠢ ᠶᠢᠨ ᠪᠠᠳᠤᠯᠠᠭ᠎ᠠ ᠶᠢ ᠪᠦᠬᠦ ᠬᠦᠴᠦᠨ ᠢᠶᠠᠷ ᠰᠠᠶᠢᠳᠦᠷ ᠠᠳᠬᠤᠨ᠎ᠠ᠃ ᠡᠳ᠋ ᠤᠨ | ᠵᠠᠰᠠᠭ ᠭᠠᠶᠢᠯᠢ ᠶᠢᠨ ᠪᠠᠶᠢᠭᠤᠯᠤᠯ ᠤᠨ ᠦᠭᠡᠷᠡᠴᠢᠯᠡᠯᠲᠡ ᠶᠢ ᠬᠦᠨᠵᠡᠬᠡᠶᠢᠷᠡᠬᠦᠯᠵᠤ᠂ ᠪᠦᠬᠦ ᠳᠠᠯ᠎ᠠ ᠪᠠᠷ ᠳᠦᠷᠢᠮᠵᠢᠭᠰᠡᠨ᠂ | ᠢᠯᠡ ᠳᠤᠳᠤ ᠳᠦᠰᠦᠪ ᠤᠨ ᠳᠦᠷᠢᠮ ᠢ ᠪᠠᠶᠢᠭᠤᠯᠤᠨ᠎ᠠ᠃ ᠳᠤᠭᠳᠠᠭᠤᠨ ᠦᠰᠦᠯᠳᠡ ᠲᠠᠢ ᠡᠳ᠋ ᠮᠦᠩᠬᠦᠨ ᠤ | ᠢᠷᠡᠯᠲᠡ ᠶᠢ ᠢᠳᠡᠪᠬᠢᠲᠡᠢ ᠪᠠᠷ ᠪᠤᠶᠢᠵᠢᠭᠤᠯᠤᠨ ᠪᠤᠵᠠᠭᠠᠶᠢᠷᠠᠭᠤᠯᠵᠤ᠂ ᠶᠡᠭᠡ ᠶᠢ ᠠᠳᠬᠤᠵᠤ ᠪᠠᠭ᠎ᠠ ᠶᠢ ᠳᠠᠯᠪᠢᠬᠤ | ᠦᠬᠡᠢ ᠶᠢ ᠪᠠᠷᠢᠮᠳᠠᠯᠠᠵᠤ᠂ ᠬᠠᠤᠯᠢ ᠶᠤᠰᠤᠭᠠᠷ ᠭᠠᠶᠢᠯᠢ ᠶᠢ ᠵᠠᠰᠠᠬᠤ ᠪᠠ ᠬᠠᠮᠵᠢᠯᠴᠠᠨ ᠭᠠᠶᠢᠯᠢ ᠶᠢ ᠵᠠᠰᠠᠬᠤ ᠠᠵᠢᠯ | ᠤᠨ ᠬᠦᠴᠦᠯᠡᠴᠡ ᠪᠠᠨ ᠨᠡᠮᠡᠭᠳᠡᠬᠦᠯᠵᠤ᠂ ᠡᠳ᠋ ᠤᠨ ᠵᠠᠰᠠᠭ ᠭᠠᠶᠢᠯᠢ ᠶᠢᠨ ᠤᠷᠤᠯᠭ᠎ᠠ ᠶᠢ ᠳᠠᠳᠠᠪᠦᠷᠢᠯᠠᠨ ᠬᠠᠮᠢᠶᠠᠷᠬᠤ | ᠶᠠᠰᠤ ᠴᠢᠨᠠᠷ ᠢ ᠦᠷᠬᠦᠯᠵᠢᠯᠡᠨ ᠳᠡᠭᠡᠭᠰᠢᠯᠡᠬᠦᠯᠵᠤ᠂ ᠡᠳ᠋ ᠤᠨ ᠵᠠᠰᠠᠭ ᠭᠠᠶᠢᠯᠢ ᠶᠢᠨ ᠤᠷᠤᠯᠭ᠎ᠠ ᠶᠢᠨ ᠳᠡᠩᠴᠡᠬᠦᠷᠢᠳᠡᠢ | ᠬᠦᠮᠦᠷᠭᠡ ᠳᠤ ᠤᠷᠤᠭᠤᠯᠬᠤ ᠶᠢ ᠳᠦᠷᠭᠡᠳᠭᠡᠨ᠎ᠡ᠃ ᠭᠠᠶᠢᠯᠢ ᠶᠢᠨ ᠪᠤᠰᠤ ᠤᠷᠤᠯᠭ᠎ᠠ ᠶᠢᠨ ᠬᠢᠨᠠᠨ ᠬᠠᠮᠢᠶᠠᠷᠤᠯᠳᠠ ᠶᠢ | ᠴᠢᠩᠭᠠᠷᠠᠭᠤᠯᠵᠤ᠂ ᠳᠠᠳᠠᠪᠦᠷᠢᠯᠠᠨ ᠬᠠᠮᠢᠶᠠᠷᠬᠤ ᠥ ᠰᠡᠪ ᠢ ᠪᠦᠭᠯᠡᠵᠤ᠂ ᠬᠠᠤᠯᠢ ᠶᠤᠰᠤᠭᠠᠷ ᠳᠤᠭᠳᠠᠭᠰᠠᠨ ᠳᠤᠭ᠎ᠠ | ᠶᠤᠰᠤᠭᠠᠷ ᠳᠠᠳᠠᠪᠦᠷᠢᠯᠠᠬᠤ ᠶᠢ ᠪᠡᠶᠡᠯᠡᠬᠦᠯᠵᠤ᠂ ᠡᠳ᠋ ᠤᠨ ᠵᠠᠰᠠᠭ ᠤᠨ ᠪᠡᠯᠡ ᠮᠦᠩᠬᠦᠨ ᠤ ᠴᠤᠭᠴᠠ ᠶᠢᠨ ᠭᠠᠳᠠᠨ᠎ᠠ | ᠡᠷᠬᠢᠯᠳᠦᠬᠦ ᠶᠢ ᠴᠢᠩᠭ᠎ᠠ ᠰᠡᠷᠭᠡᠶᠢᠯᠡᠨ᠎ᠡ᠃ ᠳᠡᠭᠡᠲᠦ ᠱᠠᠳᠤᠨ ᠤ ᠪᠡᠯᠡ ᠮᠦᠩᠬᠦ ᠶᠢ ᠰᠢᠯᠵᠢᠬᠦᠯᠦᠨ ᠦᠭᠬᠦ ᠶᠢ ᠪᠦᠬᠦ | ᠬᠦᠴᠦᠨ ᠢᠶᠠᠷ ᠢᠶᠠᠨ ᠳᠡᠮᠡᠴᠡᠵᠤ᠂ ᠤᠷᠤᠨ ᠨᠤᠳᠤᠭ ᠤᠨ ᠭᠡᠷᠡᠭᠯᠡᠬᠦ ᠡᠳ᠋ ᠮᠦᠩᠬᠦ ᠶᠢ ᠨᠡᠮᠡᠭᠳᠡᠬᠦᠯᠦᠨ᠎ᠡ᠃ ᠤᠷᠤᠯᠭ᠎ᠠ | ᠵᠠᠷᠤᠯᠭ᠎ᠠ ᠶᠢᠨ ᠪᠦᠲᠦᠴᠡ ᠶᠢ ᠰᠢᠯᠢᠳᠡᠭᠵᠢᠬᠦᠯᠵᠤ᠂ ᠳᠦᠰᠦᠪ ᠤᠨ ᠤᠷᠤᠯᠭ᠎ᠠ ᠪᠠ ᠳᠦᠰᠦᠪ ᠠᠴᠠ ᠭᠠᠳᠠᠨᠠᠬᠢ | ᠤᠷᠤᠯᠭ᠎ᠠ ᠶᠢᠨ ᠳᠦᠰᠦᠪ ᠢ ᠭᠡᠷᠡᠭᠵᠢᠬᠦᠯᠵᠤ᠂ ᠠᠯᠢᠪᠠ ᠤᠷᠤᠯᠭ᠎ᠠ ᠵᠠᠷᠤᠯᠭ᠎ᠠ ᠪᠦᠬᠦᠨ ᠢ ᠳᠦᠰᠦᠪ ᠤᠨ | ᠬᠠᠮᠢᠶᠠᠷᠤᠯᠳᠠ ᠳᠤ ᠤᠷᠤᠭᠤᠯᠤᠨ᠎ᠠ᠃ ︽ᠭᠤᠷᠪᠠᠨ ᠠᠯᠪᠠᠨ︾ ᠤ ᠵᠠᠷᠤᠳᠠᠯ ᠪᠠ ᠡᠩ ᠤᠨ ᠴᠢᠨᠠᠷ ᠲᠠᠢ ᠵᠠᠷᠤᠳᠠᠯ ᠢ | ᠪᠠᠭᠠᠰᠬᠠᠵᠤ᠂ ᠠᠷᠠᠳ ᠤᠨ ᠠᠮᠢᠳᠤᠷᠠᠯ ᠤᠨ ᠪᠡᠯᠡ ᠤᠷᠤᠭᠤᠯᠤᠯᠳᠠ ᠶᠢᠨ ᠨᠡᠮᠡᠭᠳᠡᠬᠦ ᠠᠴᠠ ᠪᠢᠰᠢ ᠪᠠᠭᠤᠷᠠᠬᠤ ᠦᠬᠡᠢ | ᠶᠢ ᠦᠨᠡᠨᠬᠦ ᠪᠠᠳᠤᠯᠠᠨ᠎ᠠ᠃ ᠵᠠᠰᠠᠭ ᠤᠨ ᠤᠷᠳᠤᠨ ᠤ ᠴᠢᠨᠠᠷ ᠲᠠᠢ ᠦᠷᠢ ᠦᠭᠴᠡᠭᠡ ᠶᠢᠨ ᠬᠠᠮᠢᠶᠠᠷᠤᠯᠳᠠ ᠶᠢ | ᠴᠢᠩᠭᠠᠳᠬᠠᠵᠤ᠂ ᠦᠷᠢ ᠦᠭᠴᠡᠭᠡ ᠶᠢᠨ ᠬᠦᠷᠢᠶ᠎ᠡ ᠬᠡᠪᠴᠢᠶ᠎ᠡ ᠶᠢ ᠡᠵᠡᠮᠳᠡᠬᠦ ᠪᠠ ᠳᠦᠰᠦᠪ ᠤᠨ ᠬᠠᠮᠢᠠᠶ᠋ᠷᠤᠯᠳᠠ ᠶᠢ | ᠭᠡᠷᠡᠭᠵᠢᠬᠦᠯᠵᠤ᠂ ︽ᠵᠢᠬᠡᠯᠡᠵᠤ ᠭᠡᠷᠡᠭᠯᠡᠬᠦ ᠳᠦᠯᠦᠬᠦ︾ ᠨᠢᠬᠡᠳᠦᠯᠲᠡᠢ ᠵᠠᠰᠠᠭ ᠤᠨ ᠤᠷᠳᠤᠨ ᠤ ᠴᠢᠨᠠᠷ ᠲᠠᠢ ᠦᠷᠢ | ᠦᠭᠴᠡᠭᠡ ᠶᠢᠨ ᠬᠠᠮᠢᠶᠠᠷᠤᠯᠳᠠ ᠶᠢᠨ ᠳᠤᠭᠳᠠᠴᠠ ᠶᠢ ᠪᠦᠷᠢᠰᠢᠬᠦᠯᠦᠨ ᠳᠡᠬᠦᠯᠳᠡᠷᠵᠢᠬᠦᠯᠵᠤ᠂ ᠵᠠᠰᠠᠭ ᠤᠨ ᠤᠷᠳᠤᠨ ᠤ | ᠦᠷᠢᠳᠦᠵᠤ ᠪᠠᠶᠢᠭ᠎ᠠ ᠦᠷᠢ ᠶᠢ ᠢᠳᠡᠪᠬᠢᠲᠡᠢ ᠰᠤᠯᠢᠵᠤ᠂ ᠳᠦᠭᠰᠢᠬᠦᠷᠢ ᠶᠢ ᠡᠵᠡᠮᠳᠡᠬᠦ ᠶᠢ ᠦᠨᠡᠨᠬᠦ ᠬᠢᠵᠤ ᠳᠡᠶᠢᠯᠦᠨ᠎ᠡ | ᠃ | ︵ᠳᠠᠪᠤ︶ ᠶᠠᠳᠠᠭᠤ ᠠᠴᠠ ᠠᠩᠵᠢᠷᠠᠭᠤᠯᠬᠤ ᠠᠵᠢᠯ ᠤᠨ ᠠᠷᠭ᠎ᠠ ᠠᠪᠴᠠᠯ ᠢ ᠰᠢᠨᠡᠳᠭᠡᠵᠤ᠂ ᠶᠠᠳᠠᠭᠤ ᠠᠴᠠ | ᠠᠩᠵᠢᠷᠠᠭᠤᠯᠬᠤ ᠪᠠᠬᠢᠯᠡᠯᠲᠡ ᠰᠢᠪᠳᠤᠯᠬᠤ ᠦᠷ᠎ᠡ ᠪᠦᠲᠦᠮᠵᠢ ᠶᠢ ᠬᠦᠴᠦᠯᠡᠨ ᠳᠡᠭᠡᠭᠰᠢᠯᠡᠬᠦᠯᠦᠨ᠎ᠡ᠃ ᠶᠠᠳᠠᠭᠤ ᠠᠴᠠ | ᠠᠩᠵᠢᠷᠠᠭᠤᠯᠬᠤ ᠪᠠᠬᠢᠯᠡᠯᠲᠡ ᠰᠢᠪᠳᠤᠯᠬᠤ ᠶᠢ ᠳᠡᠷᠢᠬᠦᠨ ᠶᠡᠭᠡ ᠶᠠᠪᠤᠳᠠᠯ᠂ ᠨᠢᠬᠡᠳᠦᠭᠡᠷ ᠠᠷᠠᠳ ᠤᠨ ᠠᠮᠢᠳᠤᠷᠠᠯ ᠤᠨ | ᠶᠠᠪᠤᠳᠠᠯ ᠪᠤᠯᠭᠠᠵᠤ᠂ ᠬᠠᠷᠠᠯᠳᠠ ᠪᠠᠨ ᠤᠨᠢᠰᠤᠯᠠᠵᠤ᠂ ᠤᠨᠢᠨ ᠳᠡᠭᠡᠷ᠎ᠡ ᠨᠢ ᠬᠦᠴᠦ ᠭᠠᠷᠭᠠᠵᠤ᠂ ᠦᠷᠬᠦᠯᠵᠢᠯᠡᠨ | ᠬᠦᠴᠦ ᠳᠠᠯᠪᠢᠵᠤ᠂ ᠪᠠᠬᠢᠯᠡᠯᠲᠡ ᠰᠢᠪᠳᠤᠯᠬᠤ ᠳᠠᠶᠢᠯᠠᠯᠳᠤᠭᠠᠨ ᠢ ᠡᠷᠡᠰ ᠴᠢᠩᠭ᠎ᠠ ᠰᠠᠶᠢᠨ ᠬᠢᠨ᠎ᠡ᠃ ᠵᠢᠯ ᠣᠨᠲ᠋ᠤᠳᠤᠷᠠ | ᠂ 2960 ᠡᠷᠦᠬᠡ ᠶᠢᠨ 8000 ᠨᠡᠷᠡᠰ ᠶᠠᠳᠠᠭᠤ ᠬᠦᠴᠢᠷᠳᠡᠯᠲᠡᠢ ᠬᠦᠮᠦᠨ ᠠᠮᠠ ᠶᠢ ᠳᠡᠳᠬᠦᠨ ᠳᠡᠮᠵᠢᠵᠤ | ᠳᠤᠭᠳᠠᠭᠤᠨ ᠢᠶᠠᠷ ᠶᠠᠳᠠᠭᠤ ᠠᠴᠠ ᠠᠩᠵᠢᠷᠠᠭᠤᠯᠵᠤ᠂ 34 ᠭᠤᠤᠯᠳᠠᠯᠭ᠎ᠠ ᠲᠠᠢ ᠶᠠᠳᠠᠭᠤ ᠶᠢ ᠳᠡᠳᠬᠦᠬᠦ ᠭᠠᠴᠠᠭ᠎ᠠ ᠶᠢ | ᠪᠦᠬᠦᠯᠢ ᠴᠤᠭᠴᠠ ᠪᠠᠷ ᠶᠠᠳᠠᠭᠤ ᠠᠴᠠ ᠠᠩᠵᠢᠷᠠᠭᠤᠯᠤᠨᠠ᠃ | ᠶᠠᠳᠠᠭᠤ ᠠᠴᠠ ᠠᠩᠵᠢᠷᠠᠭᠤᠯᠬᠤ ᠬᠠᠷᠢᠭᠤᠴᠠᠯᠭ᠎ᠠ ᠶᠢ ᠤᠨᠢᠨ ᠳᠡᠭᠡᠷ᠎ᠡ ᠨᠢ ᠨᠠᠶᠢᠳᠠᠪᠦᠷᠢᠵᠢᠭᠤᠯᠤᠨ᠎ᠠ᠃ | ᠶᠠᠳᠠᠭᠤ ᠠᠴᠠ ᠠᠩᠵᠢᠷᠠᠭᠤᠯᠬᠤ ᠪᠠᠬᠢᠯᠡᠯᠲᠡ ᠰᠢᠪᠳᠤᠯᠬᠤ ᠶᠢ ᠨᠢᠬᠡᠳᠦᠭᠡᠷ ᠭᠠᠷ ᠬᠠᠷᠢᠭᠤᠴᠠᠬᠤ ᠳᠦᠷᠢᠮ ᠢ ᠨᠠᠷᠢᠨ | ᠬᠢᠨᠠᠮᠠᠭᠠᠢ ᠶᠠᠪᠤᠭᠳᠠᠭᠤᠯᠵᠤ᠂ ᠬᠠᠷᠢᠭᠤᠴᠠᠯᠭ᠎ᠠ ᠶᠢᠨ ᠪᠢᠴᠢᠭ ᠲᠤ ᠭᠠᠷ ᠤᠨ ᠦᠰᠦᠭ ᠵᠢᠷᠤᠵᠤ᠂ ᠴᠡᠷᠢᠭ ᠤᠨ ᠵᠠᠷᠯᠢᠭ | ᠢ ᠠᠪᠴᠦ᠂ ᠠᠯᠢᠪᠠ ᠳᠠᠭᠠᠭᠠᠴᠢᠯᠠᠨ ᠬᠠᠷᠢᠯᠴᠠᠬᠤ ᠺᠠᠳ᠋ᠷ ᠤᠨ ᠠᠵᠢᠯ ᠤᠨ ᠭᠤᠤᠯ ᠢ ᠳᠤᠷᠤᠭᠰᠢ ᠰᠢᠯᠵᠢᠬᠦᠯᠵᠤ᠂ | ᠰᠠᠨᠠᠭᠠᠴᠢᠯᠠᠭ᠎ᠠ ᠠᠴᠠ ᠪᠠᠨ ᠶᠠᠳᠠᠭᠤ ᠬᠦᠴᠢᠷᠳᠡᠯᠲᠡᠢ ᠡᠷᠦᠬᠡ ᠳᠤ ᠠᠷᠭ᠎ᠠ ᠤᠬᠠᠭᠠᠨ ᠭᠠᠷᠭᠠᠨ ᠦᠭᠴᠦ᠂ ᠪᠤᠳᠠᠳᠤ | ᠶᠠᠪᠤᠳᠠᠯ ᠬᠢᠵᠤ ᠦᠭᠴᠦ᠂ ᠬᠦᠴᠢᠷᠳᠡᠯ ᠠᠰᠠᠭᠤᠳᠠᠯ ᠢ ᠰᠢᠢᠳᠪᠦᠷᠢᠯᠡᠨ᠂ ᠶᠠᠳᠠᠭᠤ ᠶᠢᠨ ︽ᠮᠠᠯᠠᠭᠠᠢ︾ ᠪᠠᠨ ᠠᠪᠬᠤ | ᠦᠬᠡᠢ ᠪᠤᠯ ᠬᠦᠴᠦᠨ ᠢᠶᠠᠨ ᠰᠤᠯᠠᠷᠠᠭᠤᠯᠬᠤ ᠦᠬᠡᠢ᠂ ᠶᠠᠳᠠᠭᠤ ᠠᠴᠠ ᠠᠩᠵᠢᠷᠠᠬᠤ ᠦᠬᠡᠢ ᠪᠤᠯ ᠠᠵᠢᠯ ᠠᠴᠠ | ᠮᠤᠯᠳᠤᠷᠠᠬᠤ ᠦᠬᠡᠢ ᠶᠢ ᠬᠢᠵᠤ ᠳᠡᠶᠢᠯᠦᠨ᠎ᠡ᠃ ︽ ᠶᠠᠳᠠᠭᠤ ᠠᠴᠠ ᠠᠩᠵᠢᠷᠠᠭᠤᠯᠬᠤ ᠪᠠᠬᠢᠯᠡᠯᠲᠡ ᠰᠢᠪᠳᠤᠯᠬᠤ ᠶᠠᠰᠦ | ᠴᠢᠨᠠᠷ ᠢ ᠳᠡᠭᠡᠭᠰᠢᠯᠡᠬᠦᠯᠬᠦ ᠢᠨᠵᠧᠨᠧᠷᠢᠩ︾ ᠢ ᠪᠦᠬᠦ ᠬᠦᠴᠦᠨ ᠢᠶᠠᠷ ᠢᠶᠠᠨ ᠠᠬᠢᠭᠤᠯᠵᠤ᠂ ᠳᠤᠮᠤ ᠳᠤᠭ᠎ᠠ ᠪᠠᠷᠢᠮᠳᠠ | ᠶᠢᠨ ᠰᠢᠰᠲ᠋ᠧᠮ ᠤᠨ ᠳᠠᠪᠴᠠᠩ ᠢ ᠪᠠᠶᠢᠭᠤᠯᠵᠤ᠂ ᠤᠨᠢᠨ ᠳᠡᠭᠡᠷ᠎ᠡ ᠨᠢ ᠢᠯᠭᠠᠬᠤ᠂ ᠳᠠᠩᠰᠠ ᠪᠠᠶᠢᠭᠤᠯᠵᠤ ᠺᠠᠷᠲ | ᠵᠤᠬᠢᠶᠠᠬᠤ ᠠᠵᠢᠯ ᠢ ᠤᠯᠠᠮ ᠨᠢᠬᠡ ᠠᠯᠬᠤᠮ ᠰᠠᠶᠢᠳᠦᠷ ᠬᠢᠵᠤ᠂ ᠶᠠᠳᠠᠭᠤ ᠶᠢ ᠳᠡᠳᠬᠦᠬᠦ ᠰᠤᠷᠠᠭ ᠵᠠᠩᠬᠢ ᠳᠤ ᠴᠢᠩᠭ᠎ᠠ | ᠬᠠᠳᠠᠭᠤ ᠬᠦᠳᠡᠯᠦᠯᠲᠦ ᠬᠠᠮᠢᠶᠠᠷᠤᠯᠳᠠ᠂ ᠪᠠᠶᠢᠩᠭᠤ ᠶᠢᠨ ᠰᠢᠯᠭᠠᠨ ᠪᠠᠶᠢᠴᠠᠭᠠᠯᠳᠠ ᠬᠢᠵᠤ᠂ ᠬᠤᠴᠤᠷᠤᠵᠤ | ᠤᠷᠬᠢᠭᠳᠠᠭᠰᠠᠨ᠂ ᠳᠠᠬᠢᠨ ᠶᠠᠳᠠᠭᠤᠷᠠᠭᠰᠠᠨ᠂ ᠰᠢᠨ᠎ᠡ ᠪᠠᠷ ᠶᠠᠳᠠᠭᠤᠷᠠᠭᠰᠠᠨ ᠢ ᠴᠠᠭ ᠳᠤᠬᠠᠢ ᠳᠤ ᠨᠢ ᠤᠷᠤᠭᠤᠯᠵᠤ᠂ | ᠶᠠᠳᠠᠭᠤ ᠠᠴᠠ ᠠᠩᠵᠢᠷᠠᠭᠰᠠᠨ ᠢ ᠴᠠᠭ ᠳᠤᠬᠠᠢ ᠳᠤ ᠨᠢ ᠭᠠᠷᠭᠠᠵᠤ᠂ ᠨᠦᠬᠦᠴᠡᠯ ᠳᠤ ᠨᠡᠶᠢᠴᠡᠬᠦ ᠦᠬᠡᠢ ᠶᠢ ᠴᠠᠭ | ᠳᠤᠬᠠᠢ ᠳᠤ ᠨᠢ ᠬᠠᠰᠤᠵᠤ᠂ ᠤᠷᠤᠬᠤ ᠴᠢᠬᠤᠯᠠ ᠲᠠᠢ ᠶᠢ ᠨᠢᠬᠡ ᠶᠢ ᠴᠦ ᠬᠤᠴᠤᠷᠭᠠᠬᠤ ᠦᠬᠡᠢ᠂ ᠭᠠᠷᠭᠠᠬᠤ ᠶᠢ | ᠨᠢᠬᠡ ᠶᠢ ᠴᠦ ᠦᠯᠡᠳᠡᠭᠡᠬᠦ ᠦᠬᠡᠢ ᠪᠠᠶᠢᠯᠭᠠᠨ᠎ᠠ᠃ | ᠶᠠᠳᠠᠭᠤ ᠠᠴᠠ ᠠᠩᠵᠢᠷᠠᠭᠤᠯᠬᠤ ᠠᠵᠤ ᠦᠢᠯᠡᠰ ᠢ ᠤᠨᠢᠨ ᠳᠡᠭᠡᠷ᠎ᠡ ᠨᠢ ᠳᠤᠭᠳᠠᠭᠠᠨ᠎ᠠ᠃ ᠳᠤᠰᠬᠤᠨ ᠤ | ᠪᠠᠶᠢᠳᠠᠯ ᠠᠴᠠ ᠡᠬᠦᠰᠴᠦ᠂ ᠡᠷᠦᠬᠡ ᠶᠢᠨ ᠪᠠᠶᠢᠳᠠᠯ ᠴᠢᠭᠯᠡᠬᠦᠯᠦᠨ ᠳᠦᠷᠦ ᠶᠢᠨ ᠪᠤᠳᠤᠯᠭ᠎ᠠ ᠭᠡᠷᠡᠭᠵᠢᠬᠦᠯᠵᠤ᠂ ᠶᠠᠳᠠᠭᠤ | ᠶᠢ ᠳᠡᠳᠬᠦᠬᠦ ᠪᠤᠳᠠᠳᠤ ᠦᠷ᠎ᠡ ᠠᠰᠢᠭ ᠢ ᠳᠡᠭᠡᠭᠰᠢᠯᠡᠬᠦᠯᠦᠨ᠎ᠡ᠃ ᠡᠯ᠎ᠡ ᠳᠦᠷᠦᠯ ᠤᠨ ᠠᠵᠤ ᠦᠢᠯᠡᠰ ᠢᠶᠠᠷ ᠶᠠᠳᠠᠭᠤ ᠶᠢ | ᠳᠡᠳᠬᠦᠬᠦ ᠳᠦᠷᠦᠯ ᠵᠦᠢᠯ ᠤᠨ ᠪᠡᠯᠡ ᠮᠦᠩᠬᠦ ᠶᠢ 1 ᠳ᠋ᠦᠩᠰᠢᠭᠤᠷ ᠳᠦᠬᠦᠷᠢᠭ ᠳᠡᠮᠡᠴᠡᠨ ᠤᠯᠵᠤ᠂ ᠬᠦᠮᠦᠨ | ᠳᠤᠮᠳᠠᠴᠢ ᠳᠤ 8000 ᠳᠦᠬᠦᠷᠢᠭ ᠵᠠᠷᠤᠴᠠᠭᠤᠯᠬᠤ ᠪᠠᠷᠢᠮᠵᠢᠶ᠎ᠠ ᠶᠤᠰᠤᠭᠠᠷ᠂ 9000 ᠢᠯᠡᠬᠦᠦ ᠬᠦᠮᠦᠨ ᠠᠮᠠ ᠶᠢ | ᠳᠡᠳᠬᠦᠨ ᠳᠡᠮᠵᠢᠵᠤ ᠶᠠᠳᠠᠭᠤ ᠶᠢ ᠳᠡᠳᠬᠦᠬᠦ ᠠᠵᠤ ᠦᠢᠯᠡᠰ ᠢ ᠬᠦᠭᠵᠢᠬᠦᠯᠵᠤ᠂ ᠡᠷᠦᠬᠡ ᠪᠦᠷᠢ ᠳᠤ ᠨᠢᠬᠡ ᠵᠦᠢᠯ ᠤᠨ | ᠶᠠᠳᠠᠭᠤ ᠠᠴᠠ ᠠᠩᠵᠢᠷᠠᠭᠤᠯᠬᠤ ᠠᠵᠤ ᠦᠢᠯᠡᠰ ᠪᠠᠶᠢᠬᠤ ᠶᠢ ᠪᠠᠳᠤᠯᠠᠵᠤ᠂ ᠳᠠᠩᠰᠠ ᠪᠠᠶᠢᠭᠤᠯᠵᠤ ᠺᠠᠷᠲ | ᠵᠤᠬᠢᠶᠠᠭᠳᠠᠭᠰᠠᠨ ᠶᠠᠳᠠᠭᠤ ᠬᠦᠴᠢᠷᠳᠡᠯᠲᠡᠢ ᠡᠷᠦᠬᠡ ᠶᠢᠨ ᠠᠵᠤ ᠦᠢᠯᠡᠰ ᠢᠶᠠᠷ ᠳᠡᠳᠬᠦᠨ ᠳᠡᠮᠵᠢᠬᠦ ︽ᠪᠦᠬᠦ | ᠪᠦᠷᠬᠦᠴᠡ︾ ᠶᠢ ᠪᠡᠶᠡᠯᠡᠬᠦᠯᠦᠨ᠎ᠡ᠃ ︽ᠳᠠᠭᠠᠭᠤᠯᠤᠭᠴᠢ ᠠᠵᠤ ᠠᠬᠤᠶᠢᠯᠠᠯ + ᠳᠤᠰᠬᠠᠢ ᠬᠤᠷᠰᠢᠶ᠎ᠠ+ ᠳᠠᠩᠰᠠ | ᠪᠠᠶᠢᠭᠤᠯᠵᠤ ᠺᠠᠷᠲ ᠵᠤᠬᠢᠶᠠᠭᠳᠠᠭᠰᠠᠨ ᠶᠠᠳᠠᠭᠤ ᠬᠦᠴᠢᠷᠳᠡᠯᠲᠡᠢ ᠡᠷᠦᠬᠡ︾ ᠶᠢᠨ ᠭᠤᠷᠪᠠᠨ ᠳᠠᠯ᠎ᠠ ᠶᠢᠨ ᠠᠰᠢᠭ ᠳᠤᠰᠠ | ᠶᠢᠨ ᠵᠠᠯᠭᠠᠯᠳᠤᠬᠤ ᠳᠤᠭᠳᠠᠴᠠ ᠶᠢ ᠤᠯᠠᠮ ᠨᠢᠬᠡ ᠠᠯᠬᠤᠮ ᠨᠢᠬᠳᠠᠷᠠᠭᠤᠯᠵᠤ᠂ ︽ᠵᠠᠰᠠᠭ ᠤᠨ ᠤᠷᠳᠤᠨ ᠨᠢᠬᠡ ᠬᠡᠰᠡᠭ | ᠭᠠᠷᠭᠠᠬᠤ᠂ ᠠᠵᠤ ᠠᠬᠤᠶᠢᠯᠠᠯ ᠨᠢᠬᠡ ᠬᠡᠰᠡᠭ ᠭᠠᠷᠭᠠᠬᠤ᠂ ᠬᠤᠪᠢ ᠬᠦᠮᠦᠨ ᠨᠢᠬᠡ ᠭᠡᠰᠡᠭ ᠭᠠᠷᠭᠠᠬᠤ︾ ᠬᠡᠪ ᠵᠠᠭᠪᠤᠷ | ᠢ ᠠᠪᠴᠦ᠂ ᠯᠠᠢ ᠳ᠋ᠧ ᠠᠳᠤᠭᠤᠨ ᠤ ᠦᠢᠯᠡᠰ ᠲᠤ ᠳᠦᠰᠢᠭᠯᠡᠵᠤ᠂ ᠠᠳᠤᠭᠤ ᠶᠢ ᠬᠠᠮᠳᠤᠷᠠᠨ ᠳᠡᠵᠢᠬᠡᠵᠤ | ᠦᠷᠡᠵᠢᠬᠦᠯᠬᠦ ᠬᠤᠷᠰᠢᠶᠠᠵᠢᠯ ᠢ 20 ᠡᠷᠦᠬᠡ ᠬᠦᠭᠵᠢᠬᠦᠯᠵᠤ᠂ ᠶᠠᠳᠠᠭᠤ ᠬᠦᠴᠢᠷᠳᠡᠯᠲᠡᠢ 1000 ᠡᠷᠦᠬᠡ ᠶᠢ | ᠳᠠᠶᠢᠴᠢᠯᠠᠨ᠎ᠠ᠃ ᠰᠠᠢ ᠨᠥᠸᠧ ᠬᠤᠨᠢᠨ ᠤ ᠦᠢᠯᠡᠰ ᠲᠤ ᠳᠦᠰᠢᠭᠯᠡᠵᠤ᠂ ᠤᠳᠤ ᠦᠶ᠎ᠡ ᠶᠢᠨ ᠮᠢᠬᠠᠨ ᠤ ᠬᠤᠨᠢ ᠶᠢ | ᠪᠤᠷᠳᠤᠬᠤ ︵ᠡᠬᠦᠯᠳᠡᠷ ᠢ ᠰᠠᠶᠢᠵᠢᠷᠠᠭᠤᠯᠬᠤ︶ ᠳᠡᠵᠢᠬᠡᠨ ᠦᠷᠡᠵᠢᠬᠦᠯᠬᠦ ᠪᠠᠭ᠎ᠠ ᠳᠤᠭᠤᠷᠢᠭ ᠢ 60 ᠬᠦᠭᠵᠢᠬᠦᠯᠵᠤ᠂ | ᠶᠠᠳᠠᠭᠤ ᠬᠦᠴᠢᠷᠳᠡᠯᠲᠡᠢ 3000 ᠡᠷᠦᠬᠡ ᠶᠢ ᠳᠠᠶᠢᠴᠢᠯᠠᠨ᠎ᠠ᠃ ᠳ᠋ᠦᠩ ᠳ᠋ᠠ ᠪᠠᠶᠠᠯᠢᠭ ᠬᠤᠳᠠ ᠬᠦᠳᠡᠭᠡ ᠶᠢ | ᠨᠢᠬᠡᠳᠦᠯᠲᠡᠢ ᠳᠦᠯᠦᠪᠯᠡᠬᠦ ᠠᠵᠤ ᠦᠢᠯᠡᠰ ᠤᠨ ᠳᠤᠭᠤᠷᠢᠭ ᠲᠤ ᠳᠦᠰᠢᠭᠯᠡᠵᠤ᠂ 300 ᠳᠠᠤᠯᠠᠢ ᠳᠡᠵᠢᠬᠡᠨ | ᠦᠷᠡᠵᠢᠬᠦᠯᠬᠦ ᠡᠷᠦᠬᠡ ᠶᠢ ᠰᠢᠨ᠎ᠡ ᠪᠠᠷ ᠬᠦᠭᠵᠢᠬᠦᠯᠦᠨ᠎ᠡ᠃ ᠳᠠᠭᠠᠭᠤᠯᠤᠭᠴᠢ ᠠᠵᠤ ᠠᠬᠤᠶᠢᠯᠠᠯ ᠳᠠᠶᠢᠴᠢᠯᠠᠬᠤ᠂ | ᠳᠤᠰᠬᠠᠢ ᠬᠤᠷᠰᠢᠶᠠᠵᠢᠯ ᠵᠢᠴᠢ ᠳᠤᠮᠤ ᠡᠷᠦᠬᠡ ᠬᠠᠮᠵᠢᠯᠴᠠᠬᠤ ᠪᠠᠷ ᠳᠠᠮᠵᠢᠨ᠂ ᠮᠠᠯᠴᠢᠨ ᠳᠠᠷᠢᠶᠠᠴᠢᠨ ᠤ ᠵᠠᠬ᠎ᠠ | ᠳᠡᠯᠬᠡᠬᠦᠷ ᠤᠨ ᠳᠦᠭᠰᠢᠬᠦᠷᠢ ᠶᠢ ᠡᠰᠡᠷᠬᠦᠴᠡᠬᠦ ᠴᠢᠳᠠᠪᠦᠷᠢ ᠶᠢ ᠴᠢᠩᠭᠠᠷᠠᠭᠤᠯᠵᠤ᠂ ᠶᠠᠳᠠᠭᠤ ᠬᠦᠴᠢᠷᠳᠡᠯᠲᠡᠢ ᠡᠷᠦᠬᠡ ᠳᠤ | ᠨᠡᠩ ᠤᠯᠠᠨ ᠳᠠᠷᠢᠶᠠᠯᠠᠩ ᠮᠠᠯ ᠠᠵᠤ ᠠᠬᠤᠢ ᠶᠢᠨ ᠪᠦᠬᠦᠶᠢᠯᠡ ᠠᠵᠤ ᠦᠢᠯᠡᠰ ᠤᠨ ᠬᠡᠯᠬᠢᠶ᠎ᠡ ᠪᠠ ᠦᠷᠳᠡᠭ ᠤᠨ | ᠬᠡᠯᠬᠢᠶ᠎ᠡ ᠶᠢᠨ ᠦᠷᠳᠡᠭ ᠨᠡᠮᠡᠭᠳᠡᠨ ᠠᠰᠢᠭ ᠤᠯᠬᠤ ᠶᠢ ᠡᠳ᠋ᠯᠡᠬᠦᠯᠵᠤ᠂ ᠤᠨᠴᠠᠭᠠᠶᠢᠯᠠᠨ ᠬᠦᠳᠡᠯᠮᠦᠷᠢ ᠬᠦᠴᠦᠨ ᠦᠬᠡᠢ | ᠶᠠᠳᠠᠭᠤ ᠬᠦᠴᠢᠷᠳᠡᠯᠲᠡᠢ ᠤᠯᠠᠨ ᠲᠦᠮᠡᠨ ᠤ ᠳᠤᠭᠳᠠᠭᠤᠨ ᠢᠶᠠᠷ ᠠᠰᠢᠭ ᠤᠯᠬᠤ ᠶᠢ ᠳᠠᠶᠢᠴᠢᠯᠠᠨ᠎ᠠ᠃ | ᠶᠠᠳᠠᠭᠤ ᠶᠢ ᠳᠡᠳᠬᠦᠬᠦ ᠠᠷᠭ᠎ᠠ ᠠᠪᠴᠠᠯ ᠢ ᠤᠨᠢᠨ ᠳᠡᠭᠡᠷ᠎ᠡ ᠨᠢ ᠪᠠᠶᠢᠭᠤᠯᠤᠨ᠎ᠠ᠃ ︽ᠳᠠᠪᠤᠨ ᠨᠢᠬᠡ ᠪᠦᠯᠦᠭ | ︾ ᠤᠨ ᠱᠠᠭᠠᠷᠳᠠᠯᠭ᠎ᠠ ᠶᠢ ᠨᠠᠶᠢᠳᠠᠪᠦᠷᠢᠵᠢᠭᠤᠯᠵᠤ᠂ ᠳᠦᠷᠦᠯ ᠬᠤᠪᠢᠶᠠᠨ ᠳᠦᠷᠦ ᠶᠢᠨ ᠪᠤᠳᠤᠯᠭ᠎ᠠ ᠭᠡᠷᠡᠭᠵᠢᠬᠦᠯᠵᠤ᠂ | ᠶᠠᠳᠠᠭᠤ ᠶᠢ ᠳᠡᠳᠬᠦᠬᠦ ᠶᠠᠰᠤ ᠴᠢᠨᠠᠷ ᠢ ᠳᠡᠭᠡᠭᠰᠢᠯᠡᠬᠦᠯᠦᠨ᠎ᠡ᠃ ᠰᠤᠷᠭᠠᠨ ᠬᠦᠮᠦᠵᠢᠯ ᠢᠶᠠᠷ ᠶᠠᠳᠠᠭᠤ ᠶᠢ ᠳᠡᠳᠬᠦᠬᠦ ᠶᠢ | ᠭᠡᠷᠡᠭᠵᠢᠬᠦᠯᠵᠤ᠂ ᠳᠠᠩᠰᠠ ᠪᠠᠶᠢᠭᠤᠯᠵᠤ ᠺᠠᠷᠲ ᠵᠤᠬᠢᠶᠠᠭᠳᠠᠭᠰᠠᠨ ᠶᠠᠳᠠᠭᠤ ᠬᠦᠴᠢᠷᠳᠡᠯᠲᠡᠢ ᠡᠷᠦᠬᠡ ᠬᠢᠭᠡᠳ ᠨᠠᠭᠠᠳᠦ | ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠲᠠᠢ ᠡᠷᠦᠬᠡ ᠶᠢᠨ ᠰᠢᠨ᠎ᠡ ᠪᠠᠷ ᠶᠡᠭᠡ ᠰᠤᠷᠭᠠᠭᠤᠯᠢ ᠳᠤ ᠰᠢᠯᠭᠠᠭᠳᠠᠨ | ᠤᠷᠤᠭᠰᠠᠨ ᠤᠶᠤᠳᠠᠳ ᠲᠤ ᠨᠢᠬᠡ ᠤᠳᠠᠭ᠎ᠠ ᠶᠢᠨ ᠴᠢᠨᠠᠷ ᠲᠠᠢ ᠰᠤᠷᠤᠯᠭ᠎ᠠ ᠶᠢᠨ ᠳᠡᠳᠬᠦᠮᠵᠢ ᠤᠯᠭᠤᠬᠤ ᠳᠦᠷᠦ ᠶᠢᠨ | ᠪᠤᠳᠤᠯᠭ᠎ᠠ ᠶᠢ ᠡᠳ᠋ᠯᠡᠬᠦᠯᠦᠨ᠎ᠡ᠃ ᠶᠠᠳᠠᠭᠤ ᠬᠦᠴᠢᠷᠳᠡᠯᠳᠡᠢ ᠭᠡᠷ ᠡᠷᠦᠬᠡ ᠶᠢᠨ ᠳᠤᠮᠳᠠᠳᠤ ᠪᠠᠭ᠎ᠠ ᠰᠤᠷᠭᠠᠭᠤᠯᠢ ᠳᠤ | ᠪᠠᠶᠢᠷᠢᠯᠠᠵᠤ ᠪᠠᠶᠢᠭ᠎ᠠ ᠰᠤᠷᠤᠭᠴᠢᠳ ᠲᠤ ᠬᠤᠭᠤᠯᠠ ᠪᠠ ᠵᠠᠮ ᠬᠠᠷᠢᠯᠴᠠᠭᠠᠨ ᠤ ᠨᠦᠬᠦᠪᠦᠷᠢ ᠶᠢ ᠤᠯᠭᠤᠨ᠎ᠠ᠃ ᠠᠵᠢᠯ | ᠮᠡᠷᠭᠡᠵᠢᠯ ᠤᠨ ᠳᠡᠭᠡᠲᠦ ᠰᠤᠷᠭᠠᠭᠤᠯᠢ ︵ᠰᠤᠷᠭᠠᠭᠤᠯᠢ︶ ᠳᠤ ᠰᠤᠷᠤᠯᠴᠠᠬᠤ ᠬᠦᠰᠡᠯ ᠲᠠᠢ ᠶᠠᠳᠠᠭᠤ ᠬᠦᠴᠢᠷᠳᠡᠯᠲᠡᠢ | ᠭᠡᠷ ᠡᠷᠦᠬᠡ ᠶᠢᠨ ᠠᠩᠬ᠎ᠠ ᠳᠤᠮᠳᠠᠳᠤ᠂ ᠦᠨᠳᠦᠷ ᠳᠤᠮᠳᠠᠳᠤ ᠰᠤᠷᠭᠠᠭᠤᠯᠢ ᠠᠴᠠ ᠳᠡᠬᠦᠰᠦᠭᠰᠡᠨ ᠰᠤᠷᠤᠭᠴᠢᠳ ᠲᠤ | ᠬᠦᠮᠦᠨ ᠪᠦᠷᠢ ᠵᠢᠯ ᠳᠤ 9300 ᠳᠦᠬᠦᠷᠢᠭ ᠤᠨ ᠨᠦᠬᠦᠪᠦᠷᠢ ᠤᠯᠭᠤᠨ᠎ᠠ᠃ ᠦᠢᠯᠡᠰ ᠪᠤᠰᠬᠠᠵᠤ ᠠᠵᠢᠯ ᠤᠯᠭᠤᠬᠤ | ᠪᠠᠷ ᠶᠠᠳᠠᠭᠤ ᠶᠢ ᠳᠡᠳᠬᠦᠬᠦ ᠶᠢ ᠭᠡᠷᠡᠭᠵᠢᠬᠦᠯᠵᠤ᠂ ᠶᠠᠳᠠᠭᠤ ᠬᠦᠴᠢᠷᠳᠡᠯᠲᠡᠢ ᠬᠦᠮᠦᠨ ᠠᠮᠠ ᠳᠤ ᠰᠦᠢᠳᠭᠡᠯ | ᠬᠤᠷᠢᠶᠠᠬᠤ ᠦᠬᠡᠢ ᠪᠠᠷ ᠮᠡᠷᠭᠡᠵᠢᠯ ᠤᠨ ᠪᠤᠯᠪᠠᠰᠤᠷᠠᠭᠤᠯᠤᠯ ᠬᠦᠷᠳᠡᠭᠡᠵᠤ᠂ ᠠᠵᠢᠯ ᠤᠯᠭᠤᠬᠤ ᠳᠤᠬᠢᠶᠠᠯ ᠢ ᠳᠡᠷᠢᠬᠦᠨ | ᠳᠤ ᠬᠠᠩᠭᠠᠨ᠎ᠠ᠃ ᠡᠷᠡᠬᠦᠯ ᠡᠩᠬᠡ ᠪᠠᠷ ᠶᠠᠳᠠᠭᠤ ᠶᠢ ᠳᠡᠳᠬᠦᠬᠦ ᠶᠢ ᠭᠡᠷᠡᠭᠵᠢᠬᠦᠯᠵᠤ᠂ ᠶᠠᠳᠠᠭᠤ ᠬᠦᠴᠢᠷᠳᠡᠯᠲᠡᠢ | ᠬᠦᠮᠦᠨ ᠠᠮᠠ ᠶᠢᠨ ᠬᠦᠨᠳᠦ ᠡᠪᠡᠳᠴᠢᠨ ᠢ ᠡᠮᠨᠡᠨ ᠵᠠᠰᠠᠬᠤ ᠳᠤ ᠪᠦᠲᠦᠮᠵᠢᠲᠡᠢ ᠪᠠᠳᠤᠯᠠᠭ᠎ᠠ ᠲᠠᠢ ᠪᠤᠯᠭᠠᠨ᠎ᠠ᠃ | ᠪᠤᠰᠤᠳ ᠭᠠᠵᠠᠷ ᠶᠠᠳᠠᠭᠤ ᠶᠢ ᠳᠡᠳᠬᠦᠵᠤ ᠨᠡᠬᠦᠯᠬᠡᠨ ᠰᠢᠯᠵᠢᠬᠦᠯᠬᠦ ᠢᠨᠵᠧᠨᠧᠷᠢᠩ ᠢ ᠭᠡᠷᠡᠭᠵᠢᠬᠦᠯᠵᠤ᠂ ᠠᠵᠤ ᠦᠢᠯᠡᠰ | ᠤᠨ ᠤᠷᠤᠨ ᠳᠤᠭᠤᠷᠢᠭ ᠳᠡᠰᠢ ᠨᠡᠬᠦᠯᠬᠡᠨ ᠰᠢᠯᠵᠢᠬᠦᠯᠬᠦ ᠬᠦᠴᠦᠯᠡᠴᠡ ᠪᠠᠨ ᠨᠡᠮᠡᠭᠳᠡᠬᠦᠯᠵᠤ᠂ ᠵᠢᠯ ᠤᠨ ᠳᠤᠳᠤᠷ᠎ᠠ᠂ | 1500 ᠬᠦᠮᠦᠨ ᠠᠮᠠ ᠶᠢ ᠨᠡᠬᠦᠯᠬᠡᠨ ᠰᠢᠯᠵᠢᠬᠦᠯᠵᠤ ᠳᠦᠪᠬᠢᠨᠡᠬᠦᠯᠦᠨᠡ᠃ ᠳᠦᠷᠦ ᠶᠢᠨ ᠪᠤᠳᠤᠯᠭ᠎ᠠ ᠪᠠᠷ | ᠤᠭᠤᠳᠠᠯᠠᠨ ᠪᠠᠳᠤᠯᠠᠭ᠎ᠠ ᠤᠯᠭᠤᠬᠤ ᠶᠢ ᠭᠡᠷᠡᠭᠵᠢᠬᠦᠯᠵᠤ᠂ ᠨᠠᠭᠠᠳᠦ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠲᠠᠢ | ᠡᠷᠦᠬᠡ ᠬᠢᠭᠡᠳ ᠶᠠᠳᠠᠭᠤ ᠶᠢ ᠳᠡᠳᠬᠦᠬᠦ ᠳᠦᠷᠦ ᠶᠢᠨ ᠪᠤᠳᠤᠯᠭ᠎ᠠ᠂ ᠡᠳᠡᠭᠡᠳ᠂ ᠪᠠᠷᠢᠮᠵᠢᠶ᠎ᠠ᠂ ᠬᠠᠮᠢᠶᠠᠷᠤᠯᠳᠠ ᠵᠡᠷᠭᠡ | ᠳᠠᠯ᠎ᠠ ᠶᠢᠨ ᠪᠦᠲᠦᠮᠵᠢᠲᠡᠢ ᠨᠡᠶᠢᠯᠡᠯᠲᠡ ᠬᠢᠬᠦ ᠶᠢ ᠳᠦᠷᠭᠡᠳᠭᠡᠨ ᠠᠬᠢᠭᠤᠯᠵᠤ᠂ ᠨᠦᠬᠦᠴᠡᠯ ᠳᠤ ᠨᠡᠶᠢᠴᠡᠭᠰᠡᠨ ᠶᠠᠳᠠᠭᠤ | ᠬᠦᠴᠢᠷᠳᠡᠯᠲᠡᠢ ᠭᠡᠷ ᠡᠷᠦᠬᠡ ᠶᠢ ᠪᠦᠬᠦᠨ ᠢ ᠨᠠᠭᠠᠳᠦ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠬᠦᠷᠢᠶ᠎ᠡ | ᠬᠡᠪᠴᠢᠶᠡᠨ ᠳᠤ ᠤᠷᠤᠭᠤᠯᠵᠤ᠂ ᠪᠠᠶᠢᠪᠠᠯ ᠵᠤᠬᠢᠬᠤ ᠪᠠᠳᠤᠯᠠᠭ᠎ᠠ ᠶᠢ ᠪᠦᠷᠢᠨ ᠪᠠᠶᠢᠯᠭᠠᠨ᠎ᠠ᠃ | ᠶᠠᠳᠠᠭᠤ ᠠᠴᠠ ᠠᠩᠵᠢᠷᠠᠭᠤᠯᠬᠤ ᠦᠷ᠎ᠡ ᠪᠦᠲᠦᠮᠵᠢ ᠶᠢ ᠤᠨᠢᠨ ᠳᠡᠭᠡᠷ᠎ᠡ ᠨᠢ ᠳᠡᠭᠡᠭᠰᠢᠯᠡᠬᠦᠯᠦᠨ᠎ᠡ᠃ ᠡᠯ᠎ᠡ | ᠳᠦᠷᠦᠯ ᠤᠨ ᠮᠦᠩᠬᠦᠨ ᠬᠦᠢᠯᠬᠡᠬᠡᠨ ᠤ ᠶᠠᠳᠠᠭᠤ ᠶᠢ ᠳᠡᠳᠬᠦᠬᠦ ᠵᠢᠬᠡᠯᠡᠯᠬᠡ ᠶᠢ ᠴᠢᠳᠠᠬᠤ ᠶᠢᠨ ᠬᠢᠷᠢ ᠪᠠᠷ 6 | ᠳ᠋ᠦᠩᠰᠢᠭᠤᠷ ᠳᠦᠬᠦᠷᠢᠭ ᠦᠩᠬᠦᠷᠢᠬᠦᠯᠦᠨ ᠳᠠᠷᠬᠠᠭᠠᠵᠤ᠂ ᠮᠦᠩᠬᠦᠨ ᠬᠦᠢᠯᠭᠡᠭᠡᠨ ᠤ ᠶᠠᠳᠠᠭᠤ ᠶᠢ ᠳᠡᠳᠬᠦᠬᠦ ᠠᠯᠢᠪᠠ | ᠶᠠᠳᠠᠭᠤ ᠬᠦᠴᠢᠷᠳᠡᠯᠲᠡᠢ ᠭᠡᠷ ᠡᠷᠦᠬᠡ ᠳᠤ ᠠᠰᠢᠭ ᠬᠦᠷᠳᠡᠭᠡᠨ᠎ᠡ᠃ ᠡᠯ᠎ᠡ ᠳᠦᠷᠦᠯ ᠤᠨ ᠳᠠᠷᠢᠶᠠᠯᠠᠩ ᠮᠠᠯ ᠠᠵᠤ | ᠠᠬᠤᠢ ᠳᠤ ᠬᠤᠯᠪᠤᠭᠳᠠᠬᠤ ᠪᠡᠯᠡ ᠮᠦᠩᠬᠦ ᠶᠢ ᠨᠢᠬᠡᠳᠦᠯᠲᠡᠢ ᠳᠦᠯᠦᠪᠯᠡᠨ ᠨᠢᠬᠡᠳᠭᠡᠵᠤ ᠭᠡᠷᠡᠭᠯᠡᠨ᠂ ᠨᠢᠬᠡᠳᠭᠡᠭᠰᠡᠨ | ᠪᠡᠯᠡ ᠮᠦᠩᠬᠦᠨ ᠤ ᠭᠡᠷᠡᠭᠯᠡᠯᠲᠡ ᠶᠢᠨ ᠦᠷ᠎ᠡ ᠠᠰᠢᠭ ᠢ ᠳᠡᠭᠡᠭᠰᠢᠯᠡᠬᠦᠯᠦᠨ᠎ᠡ᠃ ᠶᠠᠳᠠᠭᠤ ᠶᠢ ᠳᠡᠳᠬᠦᠬᠦ ᠪᠡᠯᠡ | ᠮᠦᠩᠭᠦᠨ ᠤ ᠬᠢᠨᠠᠨ ᠬᠠᠮᠢᠶᠠᠷᠤᠯᠳᠠ ᠶᠢ ᠴᠢᠩᠳᠠᠯᠠᠨ᠂ ᠬᠠᠤᠯᠢ ᠳᠦᠷᠢᠮ ᠢ ᠵᠦᠷᠢᠴᠡᠭᠰᠡᠨ ᠠᠵᠢᠯᠯᠠᠭ᠎ᠠ ᠶᠢ ᠴᠢᠩᠭ᠎ᠠ | ᠰᠢᠳᠭᠡᠵᠤ᠂ ᠶᠠᠳᠠᠭᠤ ᠶᠢ ᠳᠡᠳᠬᠦᠬᠦ ᠪᠡᠯᠡ ᠮᠦᠩᠬᠦᠨ ᠤ ᠠᠮᠤᠷ ᠲᠦᠪᠰᠢᠨ᠂ ᠶᠠᠳᠠᠭᠤ ᠶᠢ ᠳᠡᠳᠬᠦᠬᠦ ᠪᠠᠬᠢᠯᠡᠯᠲᠡ | ᠰᠢᠪᠳᠤᠯᠬᠤ ᠳᠡᠭᠡᠷ᠎ᠡ ᠭᠡᠷᠡᠭᠯᠡᠬᠦ ᠶᠢ ᠪᠠᠳᠤᠯᠠᠨ᠎ᠠ᠃ ᠴᠡᠭ ᠳᠤᠭᠳᠠᠭᠠᠨ ᠶᠠᠳᠠᠭᠤ ᠶᠢ ᠳᠡᠳᠬᠦᠬᠦ᠂ ᠠᠳᠠᠯᠢ ᠰᠢᠰᠲ᠋ᠧᠮ | ᠢᠶᠠᠷ ᠳᠤᠰᠠᠯᠠᠨ ᠳᠡᠮᠵᠢᠬᠦ ᠪᠠ ᠨᠡᠶᠢᠬᠡᠮ ᠤᠨ ᠶᠠᠳᠠᠭᠤ ᠶᠢ ᠳᠡᠳᠬᠦᠬᠦ ᠠᠵᠢᠯ ᠢ ᠨᠢᠬᠡᠲᠦᠯᠲᠡᠢ ᠳᠦᠯᠦᠪᠯᠡᠨ ᠠᠬᠢᠭᠤᠯᠵᠤ᠂ | ᠤᠶᠢᠯᠠᠭᠠᠯᠴᠠᠨ ᠨᠡᠶᠢᠯᠡᠯᠲᠡ ᠬᠢᠬᠦ ᠪᠠᠨ ᠴᠢᠩᠭᠠᠳᠬᠠᠵᠤ᠂ ᠨᠡᠩ ᠤᠯᠠᠨ ᠳᠦᠷᠦ ᠶᠢᠨ ᠪᠤᠳᠤᠯᠭ᠎ᠠ᠂ ᠪᠡᠯᠡ ᠮᠦᠩᠬᠦ ᠪᠠ | ᠳᠦᠷᠦᠯ ᠵᠦᠢᠯ ᠢ ᠳᠡᠮᠡᠴᠡᠨ ᠤᠯᠤᠨ᠎ᠠ᠃ ᠺᠠᠳ᠋ᠷ ᠤᠯᠠᠨ ᠲᠦᠮᠡᠨ ᠤ ᠳᠤᠳᠤᠭᠠᠲᠦ ᠬᠦᠳᠡᠯᠬᠡᠬᠦ ᠬᠦᠴᠦᠨ ᠢ ᠬᠦᠢᠴᠡᠳ | ᠤᠷᠮᠠᠰᠢᠭᠤᠯᠵᠤ᠂ ᠬᠠᠪᠰᠤᠷᠤᠨ ᠳᠡᠳᠬᠦᠬᠦ ᠳᠦᠷᠦ ᠶᠢᠨ ᠪᠤᠳᠤᠯᠭ᠎ᠠ ᠪᠠ ᠤᠯᠠᠨ ᠲᠦᠮᠡᠨ ᠤ ᠤᠷᠤᠯᠴᠠᠬᠤ ᠶᠢ | ᠬᠤᠯᠪᠤᠵᠤ᠂ ᠶᠠᠳᠠᠭᠤ ᠬᠦᠴᠢᠷᠳᠡᠯᠲᠡᠢ ᠤᠯᠠᠨ ᠲᠦᠮᠡᠨ ᠤ ᠦᠪᠡᠷ ᠤᠨ ᠬᠦᠭᠵᠢᠯᠲᠡ᠂ ᠶᠠᠳᠠᠭᠤ ᠠᠴᠠ ᠠᠩᠵᠢᠷᠠᠵᠤ | ᠪᠠᠶᠠᠵᠢᠬᠤ ᠰᠠᠨᠠᠭᠠᠴᠢᠯᠠᠭᠠᠲᠦ ᠴᠢᠨᠠᠷ ᠢ ᠴᠢᠩᠭᠠᠷᠠᠭᠤᠯᠤᠨ᠎ᠠ᠃ ᠡᠷᠡᠰ ᠴᠢᠩᠭ᠎ᠠ᠂ ᠳᠦᠷᠢᠮᠵᠢᠭᠰᠡᠨ ᠢᠯᠡ ᠳᠤᠳᠤ | ᠶᠠᠳᠠᠭᠤ ᠠᠴᠠ ᠤᠬᠤᠷᠢᠨ ᠭᠠᠷᠬᠤ ᠳᠤᠭᠳᠠᠴᠠ ᠶᠢ ᠪᠠᠶᠢᠭᠤᠯᠵᠤ᠂ ᠬᠤᠳᠠᠯ ᠬᠠᠭᠤᠷᠮᠠᠭ ᠶᠠᠳᠠᠭᠤ ᠠᠴᠠ ᠠᠩᠵᠢᠷᠠᠬᠤ᠂ | ᠳᠤᠭ᠎ᠠ ᠪᠠᠷ ᠶᠠᠳᠠᠭᠤ ᠠᠴᠠ ᠠᠩᠵᠢᠷᠠᠬᠤ ᠶᠢ ᠡᠷᠡᠰ ᠬᠤᠷᠢᠭᠯᠠᠨ᠎ᠠ᠃ ᠶᠠᠳᠠᠭᠤ ᠬᠦᠴᠢᠷᠳᠡᠯᠲᠡᠢ ᠤᠯᠠᠨ ᠲᠦᠮᠡᠨ ᠤ | ᠳᠠᠩᠰᠠ ᠡᠪᠬᠡᠮᠡᠯ ᠮᠠᠲ᠋ᠧᠷᠢᠶᠠᠯ ᠢ ᠡᠮᠬᠢᠳᠭᠡᠨ ᠳᠡᠬᠦᠯᠳᠡᠷᠵᠢᠬᠦᠯᠵᠤ᠂ ︽ᠨᠢᠬᠡ ᠳᠡᠪᠳᠡᠷ᠂ ᠨᠢᠬᠡ ᠺᠠᠷᠲ᠂ ᠭᠤᠷᠪᠠᠨ | ᠳᠡᠪᠲᠡᠷ ᠳᠠᠩᠰᠠ ᠬᠠᠷ᠎ᠠ︾ ᠶᠢ ᠪᠦᠷᠢᠨᠰᠢᠬᠦᠯᠵᠤ᠂ ᠦᠨᠡᠨ ᠪᠤᠳᠠᠳᠠᠢ᠂ ᠪᠦᠬᠦ ᠳᠠᠯ᠎ᠠ ᠪᠠᠷ ᠤᠯᠠᠨ ᠲᠦᠮᠡᠨ ᠤ ᠶᠠᠳᠠᠭᠤ | ᠠᠴᠠ ᠠᠩᠵᠢᠷᠠᠭᠰᠠᠨ ᠪᠦᠬᠦ ᠶᠠᠪᠤᠴᠠ ᠶᠢ ᠳᠡᠮᠳᠡᠭᠯᠡᠵᠤ᠂ ᠡᠯ᠎ᠡ ᠱᠠᠳᠤᠨ ᠤ ᠡᠯ᠎ᠡ ᠳᠦᠷᠦᠯ ᠤᠨ ᠶᠠᠳᠠᠭᠤ ᠶᠢ ᠳᠡᠳᠬᠦᠬᠦ | ᠠᠵᠢᠯ ᠤᠨ ᠰᠢᠯᠭᠠᠨ ᠬᠤᠷᠢᠶᠠᠯᠳᠠ ᠪᠠ ᠰᠢᠯᠭᠠᠨ ᠳᠤᠭᠳᠠᠭᠠᠯᠳᠠ ᠶᠢᠨ ᠪᠠᠷᠢᠮᠵᠢᠶ᠎ᠠ ᠳᠤ ᠬᠦᠷᠬᠦ ᠶᠢ ᠪᠠᠳᠤᠯᠠᠨ᠎ᠠ᠃ | ︵ᠵᠢᠷᠭᠤᠭ᠎ᠠ︶ ᠬᠤᠳᠠ ᠬᠦᠳᠡᠭᠡ ᠶᠢᠨ ᠪᠦᠲᠦᠭᠡᠨ ᠪᠠᠶᠢᠭᠤᠯᠤᠯᠳᠠ ᠶᠢ ᠪᠦᠬᠦ ᠳᠠᠯ᠎ᠠ ᠪᠠᠷ ᠴᠢᠩᠭᠠᠳᠬᠠᠵᠤ᠂ ᠬᠤᠳᠠ | ᠬᠦᠳᠡᠭᠡ ᠶᠢᠨ ᠤᠷᠤᠨ ᠪᠠᠶᠢᠷᠢᠰᠢᠯ ᠤᠨ ᠵᠤᠬᠢᠴᠠᠩᠭᠤᠢ ᠬᠦᠭᠵᠢᠯᠲᠡ ᠶᠢᠨ ᠬᠢᠷᠢ ᠳᠦᠪᠰᠢᠨ ᠢ ᠬᠦᠴᠦᠯᠡᠨ | ᠳᠡᠭᠡᠭᠰᠢᠯᠡᠬᠦᠯᠦᠨ᠎ᠡ᠃ ᠳᠦᠯᠦᠪᠵᠢᠬᠦᠯᠭᠡ ᠶᠢ ᠳᠡᠷᠢᠬᠦᠨ ᠳᠤ ᠳᠠᠯᠪᠢᠬᠤ ᠬᠢᠭᠡᠳ ᠪᠠᠶᠢᠭᠤᠯᠤᠨ ᠬᠠᠮᠢᠶᠠᠷᠬᠤ ᠶᠢ ᠵᠡᠷᠭᠡᠪᠡᠷ | ᠴᠢᠬᠤᠯᠠᠴᠢᠯᠠᠬᠤ ᠲᠠᠢ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ ᠬᠤᠳᠠ ᠬᠦᠳᠡᠭᠡ ᠶᠢᠨ ᠬᠦᠮᠦᠨ ᠰᠠᠭᠤᠴᠠ | ᠶᠢᠨ ᠤᠷᠴᠢᠨ ᠳᠤᠭᠤᠷᠢᠨ ᠢ ᠰᠠᠶᠢᠵᠢᠷᠠᠭᠤᠯᠵᠤ᠂ ᠵᠠᠰᠠᠭ ᠤᠨ ᠤᠷᠳᠤᠨ ᠠᠴᠠ ᠭᠤᠤᠯ ᠤᠳᠤᠷᠢᠳᠤᠨ᠂ ᠤᠯᠠᠨ ᠳᠠᠯ᠎ᠠ | ᠠᠴᠠ ᠤᠷᠤᠯᠴᠠᠬᠤ᠂ ᠬᠤᠳᠠ ᠬᠦᠳᠡᠭᠡ ᠶᠢ ᠨᠢᠬᠡ ᠴᠤᠭᠴᠠᠵᠢᠭᠤᠯᠬᠤ ᠰᠠᠭᠤᠷᠢ ᠳᠦᠬᠦᠭᠡᠷᠦᠮᠵᠢ ᠪᠠ ᠦᠨᠳᠦᠰᠦᠨ | ᠤᠯᠠᠨ ᠨᠡᠶᠢᠲᠡ ᠶᠢᠨ ᠦᠢᠯᠡᠴᠢᠯᠡᠬᠡᠨ ᠤ ᠰᠢᠰᠲ᠋ᠧᠮᠵᠢ ᠶᠢ ᠳᠦᠷᠭᠡᠳᠭᠡᠨ ᠪᠤᠢ ᠪᠤᠯᠭᠠᠨ᠎ᠠ᠃ | ᠬᠤᠳᠠ ᠬᠦᠳᠡᠭᠡ ᠶᠢᠨ ᠳᠦᠯᠦᠪᠵᠢᠬᠦᠯᠭᠡ ᠶᠢ ᠰᠢᠨᠵᠢᠯᠡᠬᠦ ᠤᠬᠠᠭᠠᠨᠴᠢ ᠪᠠᠷ ᠨᠠᠶᠢᠷᠠᠭᠤᠯᠤᠨ ᠵᠤᠬᠢᠶᠠᠨ᠎ᠠ᠃ | ᠰᠠᠭᠤᠭᠠᠯᠢ ᠠᠷᠠᠳ ᠤᠨ ᠦᠢᠯᠡᠳᠪᠦᠷᠢᠯᠡᠯ᠂ ᠠᠮᠢᠳᠤᠷᠠᠯ ᠤᠨ ᠶᠠᠰᠤ ᠴᠢᠨᠠᠷ ᠢ ᠰᠠᠶᠢᠵᠢᠷᠠᠭᠤᠯᠬᠤ ᠪᠠᠷ ᠭᠤᠤᠯ ᠪᠤᠯᠭᠠᠨ᠂ | ᠵᠤᠬᠢᠰᠳᠠᠢ ᠤᠷᠢᠳᠴᠢᠯᠠᠬᠤ᠂ ᠢᠷᠡᠭᠡᠲᠦᠢ ᠶᠢᠨ ᠬᠦᠭᠵᠢᠯᠲᠡ ᠶᠢᠨ ᠱᠠᠭᠠᠷᠳᠠᠯᠭ᠎ᠠ ᠶᠢ ᠬᠠᠨᠤᠭᠠᠬᠤ ᠵᠠᠷᠴᠢᠮ ᠶᠤᠰᠤᠭᠠᠷ | ᠂ ᠳᠤᠬᠠᠢ ᠶᠢᠨ ᠭᠠᠵᠠᠷ ᠤᠨ ᠪᠠᠶᠢᠳᠠᠯ ᠠᠴᠠ ᠪᠠᠶᠠᠨᠬᠤᠰᠢᠭᠤ ᠪᠠᠯᠭᠠᠰᠤᠨ ᠤ ᠬᠤᠳᠠ ᠶᠢᠨ ᠪᠦᠲᠦᠭᠡᠨ ᠪᠠᠶᠢᠭᠤᠯᠤᠯᠳᠠ | ᠶᠢ ᠦᠭᠡᠷᠴᠢᠯᠡᠨ ᠳᠡᠭᠡᠭᠰᠢᠯᠡᠬᠦᠯᠬᠦ ᠳᠦᠯᠦᠪᠵᠢᠬᠦᠯᠭᠡ︾ ᠶᠢ ᠨᠠᠶᠢᠷᠠᠭᠤᠯᠤᠨ ᠵᠤᠬᠢᠶᠠᠵᠤ᠂ ᠪᠠᠶᠠᠨᠬᠤᠰᠢᠭᠤ ᠪᠠᠯᠭᠠᠰᠤᠨ | ᠤ ᠬᠦᠬᠦᠷᠭᠡ ᠶᠢᠨ ᠬᠤᠶᠢᠨᠠᠬᠢ ᠬᠡᠰᠡᠭ ᠤᠨ 13.5 ᠳᠡᠭᠰᠢ ᠳᠦᠷᠪᠡᠯᠵᠢᠨ ᠺᠢᠯᠤᠮᠧᠲᠷ ᠤᠨ ᠡᠵᠡᠮᠳᠡᠯ ᠤᠨ ᠴᠢᠨᠠᠷ ᠲᠠᠢ | ᠳᠤᠳᠤᠷᠬᠠᠢ ᠳᠦᠯᠦᠪᠵᠢᠬᠦᠯᠭᠡ᠂ ᠬᠤᠶᠢᠲᠦ ᠠᠭᠤᠯᠠ ᠶᠢᠨ ᠴᠡᠴᠡᠷᠯᠢᠭ ᠵᠢᠴᠢ ᠴᠢᠨᠳᠠᠮᠤᠨᠢ ᠠᠭᠤᠯᠠ ᠶᠢᠨ ᠴᠡᠴᠡᠷᠯᠢᠭ | ᠤᠨ ᠵᠢᠷᠤᠭ ᠳᠦᠯᠦᠪᠯᠡᠭᠡ ᠶᠢ ᠨᠠᠶᠢᠷᠠᠭᠤᠯᠤᠨ ᠵᠤᠬᠢᠶᠠᠬᠤ ᠠᠵᠢᠯ ᠢ ᠳᠠᠭᠤᠰᠬᠠᠨ᠎ᠠ᠃ ᠵᠦᠩ ᠵᠢᠶᠦ᠋ᠨ ᠪᠦᠯᠦᠭᠯᠡᠯ ᠯᠦᠭᠡ | ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ︽ᠠᠳᠤᠭᠤᠨ ᠤ ᠭᠤᠤᠯ ᠰᠡᠳᠦᠪᠲᠦ ᠪᠠᠯᠭᠠᠰᠤ︾ ᠪᠠ ᠬᠤᠤᠯᠢᠨ ᠭᠤᠤᠯ | ᠤᠨ ᠦᠵᠡᠮᠵᠢ ᠶᠢᠨ ᠤᠷᠤᠨ ᠤ ᠢᠨᠵᠧᠨᠧᠷᠢᠩ ᠤᠨ ᠳᠦᠯᠦᠪᠵᠢᠬᠦᠯᠬᠡ ᠶᠢᠨ ᠵᠢᠷᠤᠭ ᠳᠦᠯᠦᠪᠯᠡᠭᠡ ᠶᠢ ᠳᠦᠷᠭᠡᠭᠡᠨ | ᠨᠠᠶᠢᠷᠠᠭᠤᠯᠤᠨ ᠵᠤᠬᠢᠶᠠᠨ᠎ᠠ᠃ | ᠦᠵᠡᠮᠵᠢᠲᠦ ᠰᠠᠶᠢᠬᠠᠨ ᠪᠠᠶᠠᠨᠬᠤᠰᠢᠭᠤ ᠪᠠᠯᠭᠠᠰᠤ ᠶᠢ ᠴᠤᠭᠴᠠᠯᠠᠨ᠎ᠠ᠃ ᠪᠠᠶᠠᠨᠬᠤᠰᠢᠭᠤ ᠪᠠᠯᠭᠠᠰᠤᠨ ᠤ ᠬᠤᠳᠠ | ᠶᠢ ᠦᠭᠡᠷᠡᠴᠢᠯᠡᠨ ᠳᠡᠭᠡᠭᠰᠢᠯᠡᠬᠦᠯᠬᠦ ᠠᠯᠬᠤᠴᠠ ᠶᠢ ᠳᠦᠷᠭᠡᠳᠭᠡᠵᠤ᠂ ᠬᠤᠳᠠ ᠶᠢᠨ ᠳᠡᠬᠦᠷᠭᠡ ᠶᠢᠨ ᠪᠠᠯᠭᠠᠰᠤᠨ ᠤ | ᠰᠠᠴᠤᠷᠠᠭ ᠳᠠᠶᠢᠴᠢᠯᠠᠨ ᠬᠦᠭᠵᠢᠬᠦ ᠴᠢᠳᠠᠪᠦᠷᠢ ᠶᠢ ᠴᠢᠩᠭᠠᠷᠠᠭᠤᠯᠤᠨ᠎ᠠ᠃ ᠬᠤᠳᠠ ᠶᠢᠨ ᠰᠠᠭᠤᠷᠢ ᠳᠦᠬᠦᠭᠡᠷᠦᠮᠵᠢ ᠶᠢᠨ | ᠪᠦᠲᠦᠭᠡᠨ ᠪᠠᠶᠢᠭᠤᠯᠤᠯᠳᠠ ᠶᠢ ᠳᠡᠬᠦᠯᠳᠡᠷᠵᠢᠬᠦᠯᠦᠨ᠎ᠡ᠃ ︽ᠦᠪᠡᠷᠲᠡᠭᠡᠨ ᠵᠠᠰᠠᠬᠤ ᠤᠷᠤᠨ ᠤ ᠴᠡᠴᠡᠷᠯᠢᠭ ᠤᠨ ᠬᠤᠳᠠ | ︾ ᠶᠢ ᠡᠬᠦᠳᠦᠨ ᠪᠠᠶᠢᠭᠤᠯᠬᠤ ᠠᠵᠢᠯ ᠢ ᠬᠦᠨᠵᠡᠬᠡᠢ ᠦᠷᠨᠢᠬᠦᠯᠦᠨ᠎ᠡ᠃ ᠶᠡᠷᠦᠩᠬᠡᠢ ᠪᠡᠯᠡ ᠤᠷᠤᠭᠤᠯᠤᠯᠳᠠ ᠨᠢ 2.5 | ᠳ᠋ᠦᠩᠰᠢᠭᠤᠷ ᠳᠦᠬᠦᠷᠢᠭ ᠤᠨ ᠬᠤᠳᠠ ᠪᠠᠯᠭᠠᠰᠤᠨ ᠤ ᠶᠡᠷᠦᠩᠬᠡᠶᠢᠯᠡᠭᠰᠡᠨ ᠦᠭᠡᠷᠡᠴᠢᠯᠡᠨ ᠪᠠᠶᠢᠭᠤᠯᠬᠤ ᠢᠨᠵᠧᠨᠧᠷᠢᠩ ᠢ | ᠡᠬᠢᠯᠡᠬᠦᠯᠦᠨ᠎ᠡ᠃ ᠶᠡᠷᠦᠩᠬᠡᠢ ᠪᠡᠯᠡ ᠤᠷᠤᠭᠤᠯᠤᠯᠳᠠ ᠨᠢ 2.24 ᠳ᠋ᠦᠩᠰᠢᠭᠤᠷ ᠳᠦᠬᠦᠷᠢᠭ ᠤᠨ ᠬᠠᠭᠤᠴᠢᠨ ᠤᠷᠤᠨ | ᠰᠠᠭᠤᠴᠠ ᠶᠢᠨ ᠪᠠᠭ᠎ᠠ ᠳᠤᠭᠤᠷᠢᠭ ᠢ ᠳᠡᠰ ᠳᠡᠪᠰᠢᠬᠦᠯᠦᠨ ᠦᠭᠡᠷᠡᠴᠢᠯᠡᠨ ᠪᠠᠶᠢᠭᠤᠯᠬᠤ ᠢᠨᠵᠧᠨᠧᠷᠢᠩ ᠢ | ᠭᠡᠷᠡᠭᠵᠢᠬᠦᠯᠵᠤ᠂ ᠤᠯᠠᠨ ᠲᠦᠮᠡᠨ ᠤ ᠤᠷᠤᠨ ᠰᠠᠭᠤᠴᠠ ᠶᠢᠨ ᠤᠷᠴᠢᠨ ᠳᠤᠭᠤᠷᠢᠨ ᠢ ᠰᠠᠶᠢᠵᠢᠷᠠᠭᠤᠯᠤᠨ᠎ᠠ᠃ | ᠶᠡᠷᠦᠩᠬᠡᠢ ᠪᠡᠯᠡ ᠤᠷᠤᠭᠤᠯᠤᠯᠳᠠ ᠨᠢ 7000 ᠲᠦᠮᠡᠨ ᠳᠦᠬᠦᠷᠢᠭ ᠤᠨ ᠪᠠᠷᠢᠯᠭ᠎ᠠ ᠶᠢᠨ ᠪᠤᠰᠤᠭ᠎ᠠ ᠨᠢᠭᠤᠷ ᠢ | ᠦᠭᠡᠷᠡᠴᠢᠯᠡᠨ ᠪᠠᠶᠢᠭᠤᠯᠬᠤ ᠵᠢᠴᠢ ᠭᠡᠷᠡᠯᠳᠦᠬᠦᠯᠭᠡ ᠶᠢᠨ ᠢᠨᠵᠧᠨᠧᠷᠢᠩ ᠢ ᠠᠵᠢᠯ ᠡᠬᠢᠯᠡᠬᠦᠯᠦᠨ ᠪᠦᠲᠦᠭᠡᠨ | ᠪᠠᠶᠢᠭᠤᠯᠤᠨ᠎ᠠ᠃ ᠶᠡᠷᠦᠭᠬᠡᠢ ᠪᠡᠯᠡ ᠤᠷᠤᠭᠤᠯᠤᠯᠳᠠ ᠨᠢ 1500 ᠲᠦᠮᠡᠨ ᠳᠦᠬᠦᠷᠢᠭ ᠤᠨ ᠵᠠᠮ ᠤᠨ ᠳ᠋ᠧᠩ ᠤᠨ | ᠡᠨᠧᠷᠬᠢ ᠶᠢ ᠠᠷᠪᠢᠯᠠᠬᠤ ᠪᠠᠷ ᠦᠭᠡᠷᠡᠴᠢᠯᠡᠨ ᠵᠠᠰᠠᠬᠤ ᠳᠦᠷᠦᠯ ᠵᠦᠢᠯ ᠢ ᠳᠠᠭᠤᠰᠬᠠᠨ᠎ᠠ᠃ ᠶᠡᠷᠦᠩᠬᠡᠢ ᠪᠡᠯᠡ | ᠤᠷᠤᠭᠤᠯᠤᠯᠳᠠ ᠨᠢ 4.9 ᠳ᠋ᠦᠩᠰᠢᠭᠤᠷ ᠳᠦᠬᠦᠷᠢᠭ ᠤᠨ ᠪᠦᠳᠦᠬᠦᠯᠢᠭ ᠤᠷᠤᠨ ᠰᠠᠭᠤᠴᠠ ᠶᠢᠨ ᠳᠤᠭᠤᠷᠢᠭ ᠢ | ᠦᠭᠡᠷᠡᠴᠢᠯᠡᠨ ᠪᠠᠶᠢᠭᠤᠯᠬᠤ ᠳᠦᠷᠦᠯ ᠵᠦᠢᠯ ᠢ ᠳᠦᠷᠭᠡᠳᠭᠡᠨ ᠠᠬᠢᠭᠤᠯᠵᠤ᠂ ᠴᠢᠳᠠᠬᠤ ᠶᠢᠨ ᠬᠢᠷᠢ ᠪᠠᠷ 600 ᠡᠷᠦᠬᠡ | ᠶᠢᠨ 5.88 ᠲᠦᠮᠡᠨ ᠳᠡᠭᠰᠢ ᠳᠦᠷᠪᠡᠯᠵᠢᠨ ᠮᠧᠲᠷ ᠢ ᠦᠭᠡᠷᠡᠴᠢᠯᠡᠨ ᠪᠠᠶᠢᠭᠤᠯᠤᠨ᠎ᠠ᠃ ᠪᠡᠯᠡ ᠤᠷᠤᠭᠤᠯᠤᠯᠳᠠ ᠨᠢ 2. | 84 ᠳ᠋ᠦᠩᠰᠢᠭᠤᠷ ᠳᠦᠬᠦᠷᠢᠭ ᠤᠨ ᠤᠰᠤᠨ ᠤ ᠡᠬᠢ ᠰᠤᠷᠪᠤᠯᠵᠢ ᠶᠢ ᠬᠠᠮᠠᠭᠠᠯᠠᠬᠤ ᠵᠢᠴᠢ ᠤᠰᠤ ᠬᠠᠩᠭᠠᠬᠤ | ᠢᠨᠵᠧᠨᠧᠷᠢᠩ ᠢ ᠭᠡᠷᠡᠭᠵᠢᠬᠦᠯᠵᠤ᠂ ᠪᠠᠶᠠᠨᠬᠤᠰᠢᠭᠤ ᠪᠠᠯᠭᠠᠰᠤᠨ ᠤ ᠤᠷᠤᠨ ᠤ ᠤᠯᠠᠨ ᠲᠦᠮᠡᠨ ᠤ ᠠᠮᠤᠷ ᠲᠦᠪᠰᠢᠨ | ᠤᠤᠭᠤᠬᠤ ᠤᠰᠤᠨ ᠤ ᠠᠰᠠᠭᠤᠳᠠᠯ ᠢ ᠦᠨᠳᠦᠰᠦᠨ ᠠᠴᠠ ᠨᠢ ᠰᠢᠢᠳᠪᠦᠷᠢᠯᠡᠨ᠎ᠡ᠃ ᠶᠡᠷᠦᠩᠬᠡᠢ ᠪᠡᠯᠡ ᠤᠷᠤᠭᠤᠯᠤᠯᠳᠠ | ᠨᠢ 1.14 ᠳ᠋ᠦᠩᠰᠢᠭᠤᠷ ᠳᠦᠬᠦᠷᠢᠭ ᠤᠨ ᠪᠠᠶᠠᠨᠬᠤᠰᠢᠭᠤ ᠪᠠᠯᠭᠠᠰᠤᠨ ᠤ ᠪᠤᠬᠢᠷᠳᠤᠯ ᠤᠰᠤ ᠴᠡᠪᠡᠷᠰᠢᠬᠦᠯᠬᠦ | ᠦᠢᠯᠡᠳᠪᠦᠷᠢ ᠶᠢ ᠦᠷᠭᠡᠳᠭᠡᠨ ᠪᠠᠶᠢᠭᠤᠯᠬᠤ ᠵᠢᠴᠢ ᠬᠤᠭᠤᠯᠠᠢ ᠶᠢᠨ ᠳᠤᠤᠷ ᠢ ᠢᠵᠢ ᠪᠦᠷᠢᠳᠦᠬᠦᠯᠬᠦ ᠢᠨᠵᠧᠨᠧᠷᠢᠩ ᠢ | ᠠᠰᠢᠭᠯᠠᠯᠳᠠ ᠳᠤ ᠤᠷᠤᠭᠤᠯᠵᠤ᠂ ᠡᠳᠦᠷ ᠲᠤ ᠪᠤᠬᠢᠷᠳᠤᠯ ᠤᠰᠤ ᠴᠡᠪᠡᠷᠰᠢᠬᠦᠯᠬᠦ ᠴᠢᠳᠠᠪᠦᠷᠢ ᠶᠢ ᠳᠡᠭᠡᠭᠰᠢᠯᠡᠬᠦᠯᠦᠭᠡᠳ | 2 ᠲᠦᠮᠡᠨ ᠳᠤᠨ ᠳᠤ ᠬᠦᠷᠬᠡᠨ᠎ᠡ᠃ ᠠᠳᠤᠭᠤᠨ ᠤ ᠭᠤᠤᠯ ᠰᠡᠳᠦᠪᠲᠦ ᠪᠠᠭ᠎ᠠ ᠪᠠᠯᠭᠠᠰᠤᠨ ᠤ ᠪᠦᠲᠦᠭᠡᠨ | ᠪᠠᠶᠢᠭᠤᠯᠤᠯᠳᠠ ᠶᠢ ᠪᠦᠬᠦ ᠬᠦᠴᠦᠨ ᠢᠶᠠᠷ ᠢᠶᠠᠨ ᠡᠬᠢᠯᠡᠬᠦᠯᠦᠨ᠎ᠡ᠃ ᠳᠠᠪᠠᠭᠤᠯᠢᠭ ᠪᠠᠶᠢᠭᠠᠯᠢ ᠶᠢᠨ ᠨᠦᠬᠦᠴᠡᠯ᠂ ᠬᠦᠨ | ᠵᠤᠵᠠᠭᠠᠨ ᠠᠳᠤᠭᠤᠨ ᠤ ᠰᠤᠶᠤᠯ ᠤᠨ ᠠᠭᠤᠯᠬᠤᠨ᠂ ᠦᠷᠭᠡᠨ ᠳᠡᠯᠬᠡᠷᠡᠩᠭᠦᠢ ᠤᠯᠠᠨ ᠲᠦᠮᠡᠨ ᠤ ᠰᠠᠭᠤᠷᠢ ᠪᠠ ᠪᠠᠳᠤ | ᠪᠠᠬᠢ ᠠᠳᠤᠭᠤᠨ ᠤ ᠠᠵᠤ ᠦᠢᠯᠡᠰ ᠤᠨ ᠬᠦᠭᠵᠢᠯᠲᠡ ᠶᠢᠨ ᠰᠠᠭᠤᠷᠢ ᠳᠤ ᠳᠦᠰᠢᠭᠯᠡᠨ᠂ ᠤᠯᠤᠰ᠂ ᠦᠪᠡᠷᠲᠡᠭᠡᠨ | ᠵᠠᠰᠠᠬᠤ ᠤᠷᠤᠨ ᠤ ᠤᠨᠴᠠᠯᠢᠭᠲᠦ ᠪᠠᠭ᠎ᠠ ᠬᠤᠳᠠ ᠪᠠᠯᠭᠠᠰᠦ ᠶᠢ ᠳᠡᠳᠬᠦᠨ ᠪᠤᠶᠢᠵᠢᠭᠤᠯᠬᠤ ᠰᠠᠶᠢᠨ ᠳᠦᠷᠦ ᠶᠢᠨ | ᠪᠤᠳᠤᠯᠭ᠎ᠠ ᠪᠠᠷ ᠳᠤᠰᠠᠯᠠᠮᠵᠢ ᠪᠤᠯᠭᠠᠨ᠂ ᠬᠤᠤᠯᠢᠨ ᠭᠤᠤᠯ ᠤᠨ ᠤᠷᠤᠰᠬᠠᠯ ᠤᠨ ᠬᠤᠶᠠᠷ ᠡᠷᠬᠢ ᠶᠢᠨ ᠳᠤᠭᠤᠷᠢᠨ ᠳᠤ᠂ | PPP ᠬᠡᠪ ᠵᠠᠭᠪᠤᠷ ᠢᠶᠠᠷ ᠳᠠᠮᠵᠢᠨ᠂ ᠴᠢᠳᠠᠬᠤ ᠶᠢᠨ ᠬᠢᠷᠢ ᠪᠠᠷ ᠶᠡᠷᠦᠩᠬᠡᠢ ᠪᠡᠯᠡ ᠤᠷᠤᠭᠤᠯᠤᠯᠳᠠ ᠨᠢ 4.83 | ᠳ᠋ᠦᠩᠰᠢᠭᠤᠷ ᠳᠦᠬᠦᠷᠢᠭ ᠤᠨ ᠠᠳᠤᠭᠤᠨ ᠤ ᠭᠤᠤᠯ ᠰᠡᠳᠦᠪᠲᠦ ᠪᠠᠭ᠎ᠠ ᠪᠠᠯᠭᠠᠰᠤ ᠪᠠ ᠬᠤᠤᠯᠢᠨ ᠭᠤᠤᠯ ᠤᠨ | ᠦᠵᠡᠮᠵᠢ ᠶᠢᠨ ᠤᠷᠤᠨ ᠤ ᠢᠨᠵᠧᠨᠧᠷᠢᠩ ᠤᠨ ᠨᠢᠬᠡᠳᠦᠭᠡᠷ ᠬᠤᠭᠤᠴᠠᠭᠠᠨ ᠤ ᠳᠦᠷᠦᠯ ᠵᠦᠢᠯ ᠤᠨ ᠪᠦᠲᠦᠭᠡᠨ | ᠪᠠᠶᠢᠭᠤᠯᠤᠯᠳᠠ ᠶᠢ ᠡᠬᠢᠯᠡᠬᠦᠯᠵᠤ᠂ ᠪᠠᠶᠠᠨᠬᠤᠰᠢᠭᠤ ᠪᠠᠯᠭᠠᠰᠤ ᠶᠢ ᠳᠤᠮᠳᠠᠳᠤ ᠤᠯᠤᠰ ᠤᠨ ᠠᠩᠬᠠᠳᠤᠭᠴᠢ ︽ | ᠠᠳᠤᠭᠤᠨ ᠤ ᠰᠡᠳᠦᠪᠲᠦ ᠪᠠᠭ᠎ᠠ ᠪᠠᠯᠭᠠᠰᠤ︾ ᠪᠤᠯᠭᠠᠨ᠂ ᠦᠪᠡᠷᠮᠢᠴᠡ ᠤᠨᠴᠠᠯᠢᠭᠲᠦ ᠠᠳᠤᠭᠤᠨ ᠤ ᠦᠢᠯᠡᠰ ᠤᠨ | ᠭᠤᠤᠯ ᠪᠠᠯᠭᠠᠰᠤ᠂ ᠠᠷᠠᠯᠵᠢᠶ᠎ᠠ ᠬᠤᠳᠠᠯᠳᠤᠭᠠᠨ ᠤ ᠬᠦᠴᠦᠷᠭᠡᠭ ᠪᠠᠯᠠᠭᠠᠰᠤ᠂ ᠵᠢᠭᠤᠯᠴᠢᠯᠠᠯ ᠤᠨ ᠪᠠᠳᠠᠷᠠᠩᠭᠤᠢ ᠪᠠ | ᠦᠨᠳᠦᠰᠦᠳᠡᠨ ᠤ ᠰᠤᠶᠤᠯ ᠤᠨ ᠨᠡᠷᠡᠲᠦ ᠪᠠᠯᠭᠠᠰᠤ ᠪᠤᠯᠭᠠᠨ᠎ᠠ᠃ ᠬᠤᠳᠠ ᠶᠢᠨ ᠳᠦᠷᠢ ᠳᠦᠷᠬᠦ ᠶᠢᠨ ᠵᠠᠰᠠᠨ | ᠴᠡᠭᠴᠡᠯᠡᠯᠲᠡ ᠶᠢ ᠴᠢᠩᠭᠠᠳᠬᠠᠨ᠎ᠠ᠃ ᠦᠪᠡᠷᠲᠡᠭᠡᠨ ᠵᠠᠰᠠᠬᠤ ᠤᠷᠤᠨ ᠤ ᠡᠷᠡᠬᠦᠯ ᠬᠠᠮᠠᠭᠠᠯᠠᠯ ᠤᠨ ᠬᠤᠰᠢᠭᠤ ᠰᠢᠶᠠᠨ ᠢ | ᠡᠬᠦᠳᠦᠨ ᠪᠠᠶᠢᠭᠤᠯᠤᠭᠰᠠᠨ ᠦᠷ᠎ᠡ ᠪᠦᠲᠦᠭᠡᠯ ᠢ ᠪᠠᠬᠢᠵᠢᠬᠦᠯᠵᠤ᠂ ᠬᠤᠳᠠ ᠪᠠᠯᠭᠠᠰᠤᠨ ᠤ ᠬᠠᠮᠢᠶᠠᠷᠤᠯᠳᠠ ᠶᠢ | ᠰᠢᠯᠢᠳᠡᠭᠵᠢᠬᠦᠯᠦᠨ᠎ᠡ᠃ ᠶᠡᠷᠦᠩᠬᠡᠶᠢᠯᠡᠭᠰᠡᠨ ᠬᠠᠤᠯᠢ ᠶᠢ ᠭᠡᠷᠡᠭᠵᠢᠬᠦᠯᠬᠦ ᠬᠦᠴᠦᠨ ᠢ ᠳᠡᠬᠦᠯᠳᠡᠷᠵᠢᠬᠦᠯᠦᠨ ᠴᠢᠩᠭᠠᠳᠬᠠᠵᠤ | ᠂ ᠬᠠᠤᠯᠢ ᠶᠢ ᠭᠡᠷᠡᠭᠵᠢᠬᠦᠯᠬᠦ ᠬᠦᠴᠦᠯᠡᠴᠡ ᠪᠠᠨ ᠨᠡᠮᠡᠭᠳᠡᠬᠦᠯᠵᠤ᠂ ᠶᠡᠭᠡ ᠬᠦᠴᠦ ᠭᠠᠷᠭᠠᠨ ᠳᠤᠷ᠎ᠠ ᠪᠠᠷ ᠪᠠᠶᠢᠭᠤᠯᠵᠤ᠂ | ᠳᠤᠷ᠎ᠠ ᠪᠠᠷ ᠬᠠᠶᠠᠬᠤ ᠵᠡᠷᠭᠡ ᠠᠵᠢᠯᠯᠠᠭ᠎ᠠ ᠶᠢ ᠵᠠᠰᠠᠨ ᠴᠡᠭᠴᠡᠯᠡᠨ᠎ᠡ᠃ ᠪᠡᠬᠡᠵᠢᠩ ᠤᠨ ᠬᠤᠪᠢ ᠤᠷᠤᠭᠤᠯᠤᠯᠳᠠ ᠶᠢ | ᠡᠵᠡᠮᠳᠡᠬᠦ ᠤᠰᠤᠨ ᠤ ᠶᠠᠪᠤᠳᠠᠯ ᠤᠨ ᠪᠦᠯᠦᠭᠯᠡᠯ ᠯᠦᠭᠡ ᠶᠢᠨ ᠬᠠᠮᠵᠢᠯᠴᠠᠭ᠎ᠠ ᠪᠠᠨ ᠬᠦᠨᠵᠡᠬᠡᠶᠢᠷᠡᠬᠦᠯᠵᠤ᠂ ᠵᠠᠰᠠᠭ ᠤᠨ | ᠤᠷᠳᠤᠨ ᠠᠴᠠ ᠨᠡᠶᠢᠬᠡᠮ ᠤᠨ ᠦᠢᠯᠡᠴᠢᠯᠡᠭᠡ ᠶᠢ ᠬᠤᠳᠠᠯᠳᠤᠨ ᠠᠪᠬᠤ ᠬᠡᠪ ᠵᠠᠭᠪᠤᠷ ᠢ ᠢᠳᠡᠪᠬᠢᠲᠡᠢ ᠰᠦᠪᠡᠭᠴᠢᠯᠡᠵᠤ᠂ | ᠤᠷᠴᠢᠨ ᠳᠤᠭᠤᠷᠢᠨ ᠤ ᠡᠷᠡᠬᠦᠯ ᠬᠠᠮᠠᠭᠠᠯᠠᠯ᠂ ᠠᠳᠠᠯ ᠠᠬᠤᠢ ᠬᠠᠮᠢᠶᠠᠷᠤᠯᠳᠠ ᠪᠠᠨ ᠬᠠᠶᠠᠬᠤ ᠵᠡᠷᠭᠡ ᠠᠰᠠᠭᠤᠳᠠᠯ ᠢ | ᠬᠦᠴᠦᠯᠡᠨ ᠵᠠᠰᠠᠨ᠎ᠠ᠃ ᠳᠦᠷᠢᠶᠡᠰᠦᠨ ᠮᠠᠰᠢᠨ ᠤ ᠵᠠᠬ᠎ᠠ ᠳᠡᠯᠬᠡᠬᠦᠷ ᠢ ᠬᠦᠴᠦᠯᠡᠨ ᠳᠦᠷᠢᠮᠵᠢᠬᠦᠯᠵᠤ ᠴᠡᠭᠴᠡᠯᠡᠯᠲᠡ | ᠬᠢᠵᠤ᠂ ᠳᠦᠷᠢᠶᠡᠰᠦᠨ ᠮᠠᠰᠢᠨ ᠤ ᠡᠵᠡᠩᠨᠡᠯᠲᠡ ᠶᠢᠨ ᠬᠠᠮᠢᠶᠠᠷᠤᠯᠳᠠ ᠶᠢ ᠴᠢᠩᠭᠠᠳᠬᠠᠵᠤ᠂ ᠬᠠᠤᠯᠢ ᠪᠤᠰᠤ ᠪᠠᠷ | ᠡᠵᠡᠩᠨᠡᠵᠤ ᠪᠠᠶᠢᠭ᠎ᠠ ᠮᠠᠰᠢᠨ ᠳᠤ ᠴᠤᠬᠢᠯᠳᠠ ᠦᠭᠬᠦ ᠬᠦᠴᠦᠯᠡᠴᠡ ᠪᠠᠨ ᠨᠡᠮᠡᠭᠳᠡᠬᠦᠯᠦᠨ᠎ᠡ᠃ | ᠤᠨᠴᠠᠯᠢᠭᠲᠦ ᠪᠠᠯᠭᠠᠰᠤ ᠪᠤᠯᠤᠨ ᠦᠵᠡᠰᠬᠦᠯᠡᠩᠲᠦ ᠰᠠᠶᠢᠬᠠᠨ ᠰᠢᠶᠠᠩ ᠳᠤᠰᠬᠤᠨ ᠢ ᠪᠤᠶᠢᠵᠢᠭᠤᠯᠤᠨ᠎ᠠ᠃ ︽ | ᠨᠢᠬᠡ ᠪᠠᠯᠭᠠᠰᠤ ᠨᠢᠬᠡ ᠤᠨᠴᠠᠯᠢᠭ ᠲᠠᠢ᠂ ᠨᠢᠬᠡ ᠪᠠᠯᠭᠠᠰᠤ ᠨᠢᠬᠡ ᠦᠵᠡᠮᠵᠢ ᠲᠠᠢ︾ ᠪᠠᠶᠢᠬᠤ ᠰᠡᠳᠬᠢᠴᠡ ᠶᠤᠰᠤᠭᠠᠷ᠂ | ᠪᠠᠶᠢᠭᠤᠯᠤᠮᠵᠢ ᠶᠢᠨ ᠳᠦᠷᠢᠮ ᠤᠨ ᠪᠠᠯᠭᠠᠰᠤ ᠪᠠ ᠵᠢᠭᠤᠯᠴᠢᠯᠠᠯ ᠤᠨ ᠵᠠᠮ ᠱᠤᠭᠤᠮ ᠤᠨ ᠭᠤᠤᠯᠳᠠᠯᠭ᠎ᠠ ᠲᠠᠢ ᠰᠤᠮᠤ | ᠪᠠᠯᠭᠠᠰᠤᠨ ᠤ ᠪᠦᠲᠦᠭᠡᠨ ᠪᠠᠶᠢᠭᠤᠯᠤᠯᠳᠠ ᠶᠢ ᠴᠢᠩᠭᠠᠳᠬᠠᠵᠤ᠂ ᠳᠠᠶᠢᠴᠢᠨᠳᠠᠯᠠ᠂ ᠪᠠᠶᠠᠨᠨᠠᠭᠤᠷ᠂ ᠬᠤᠶᠠᠷᠰᠤᠮᠤ᠂ | ᠪᠠᠷᠠᠭᠤᠨ ᠵᠢᠷᠢᠮ ᠵᠡᠷᠭᠡ ᠦᠵᠡᠰᠬᠦᠯᠡᠩᠲᠦ ᠤᠨᠴᠠᠯᠢᠭᠲᠦ ᠪᠠᠭ᠎ᠠ ᠪᠠᠯᠭᠠᠰᠤ ᠶᠢ ᠪᠤᠢ ᠪᠤᠯᠭᠠᠨ᠂ ᠬᠤᠳᠠ ᠶᠢᠨ ᠶᠠᠪᠤᠳᠠᠯ | ᠤᠨ ᠰᠠᠭᠤᠷᠢ ᠳᠦᠬᠦᠭᠡᠷᠦᠮᠵᠢ ᠶᠢ ᠳᠡᠬᠦᠯᠳᠡᠷᠵᠢᠬᠦᠯᠦᠨ᠂ ᠦᠵᠡᠮᠵᠢ ᠶᠢᠨ ᠤᠷᠤᠨ ᠤ ᠳᠦᠷᠢ ᠳᠦᠷᠬᠦ ᠶᠢ | ᠳᠡᠭᠡᠭᠰᠢᠯᠡᠬᠦᠯᠵᠤ᠂ ᠪᠠᠭ᠎ᠠ ᠬᠤᠳᠠ ᠪᠠᠯᠭᠠᠰᠤᠨ ᠤ ᠬᠦᠮᠦᠨ ᠠᠮᠠ ᠶᠢ ᠳᠠᠳᠠᠵᠤ᠂ ᠠᠵᠤ ᠦᠢᠯᠡᠰ ᠢ ᠳᠦᠪᠯᠡᠷᠡᠬᠦᠯᠬᠦ | ᠴᠢᠳᠠᠪᠦᠷᠢ ᠶᠢ ᠳᠡᠭᠡᠭᠰᠢᠯᠡᠬᠦᠯᠦᠨ᠎ᠡ᠃ ᠨᠤᠷᠠᠬᠤ ᠠᠶᠤᠯᠳᠠᠢ ᠭᠡᠷ ᠪᠠᠶᠢᠰᠢᠩ ᠢ ᠦᠭᠡᠷᠡᠴᠢᠯᠡᠨ ᠵᠠᠰᠠᠬᠤ᠂ ᠨᠡᠬᠦᠳᠡᠯ | ᠮᠠᠯᠴᠢᠳ ᠤᠨ ᠤᠷᠤᠨ ᠰᠠᠭᠤᠴᠠ ᠶᠢ ᠳᠤᠭᠳᠠᠪᠦᠷᠢᠵᠢᠭᠤᠯᠬᠤ ᠢᠨᠵᠧᠨᠧᠷᠢᠩ ᠪᠠ ᠮᠠᠯᠴᠢᠨ ᠳᠠᠷᠢᠶᠠᠴᠢᠨ ᠤ ᠬᠦᠮᠦᠨ | ᠰᠠᠭᠤᠴᠠ ᠶᠢᠨ ᠤᠷᠴᠢᠨ ᠳᠤᠭᠤᠷᠢᠨ ᠢ ᠰᠠᠶᠢᠵᠢᠷᠠᠭᠤᠯᠬᠤ ᠪᠠᠷ ᠭᠤᠤᠯᠳᠠᠯᠭ᠎ᠠ ᠪᠤᠯᠭᠠᠵᠤ᠂ ᠨᠢᠬᠡ ᠪᠦᠯᠦᠭ ᠠᠵᠤ | ᠦᠢᠯᠡᠰ ᠤᠨ ᠰᠠᠭᠤᠷᠢ ᠰᠠᠶᠢᠨ᠂ ᠦᠨᠳᠦᠰᠦᠳᠡᠨ ᠤ ᠤᠨᠴᠠᠯᠢᠭ ᠳᠤᠪᠤᠶᠢᠮ᠎ᠠ᠂ ᠠᠶᠢᠯ ᠳᠤᠰᠬᠤᠨ ᠤ ᠳᠦᠷᠢ ᠳᠦᠷᠬᠦ | ᠴᠡᠪᠡᠷ ᠳᠡᠭᠰᠢ ᠭᠤᠶᠤ ᠰᠠᠶᠢᠬᠠᠨ ᠭᠠᠴᠠᠭ᠎ᠠ ᠶᠢ ᠰᠤᠩᠭᠤᠵᠤ᠂ ᠬᠦᠴᠦᠨ ᠢᠶᠠᠨ ᠳᠦᠪᠯᠡᠷᠡᠬᠦᠯᠦᠨ᠂ ᠤᠷᠤᠨ ᠪᠠᠶᠢᠷᠢᠰᠢᠯ | ᠤᠨ ᠤᠨᠴᠠᠯᠢᠭ ᠲᠠᠢ ᠦᠵᠡᠰᠬᠦᠯᠡᠩᠲᠦ ᠰᠠᠶᠢᠬᠠᠨ ᠰᠢᠶᠠᠩ ᠳᠤᠰᠬᠤᠨ ᠢ ᠪᠤᠢ ᠪᠤᠯᠭᠠᠨ᠎ᠠ᠃ ᠭᠠᠴᠠᠭᠠᠨ ᠤ ᠰᠠᠭᠤᠷᠢ | ᠳᠦᠬᠦᠭᠡᠷᠦᠮᠵᠢ ᠪᠠ ᠤᠷᠴᠢᠨ ᠳᠤᠭᠤᠷᠢᠨ ᠤ ᠡᠷᠡᠬᠦᠯ ᠬᠠᠮᠠᠭᠠᠯᠠᠯ ᠢ ᠬᠠᠮᠢᠶᠠᠷᠤᠨ ᠬᠠᠮᠠᠭᠠᠯᠠᠬᠤ ᠤᠷᠳᠤ ᠬᠤᠭᠤᠴᠠᠭᠠᠨ | ᠤ ᠪᠦᠲᠦᠮᠵᠢᠲᠡᠢ ᠳᠤᠭᠳᠠᠴᠠ ᠶᠢ ᠳᠡᠬᠦᠯᠳᠡᠷᠵᠢᠬᠦᠯᠦᠨ᠂ ᠤᠷᠴᠢᠨ ᠳᠤᠭᠤᠷᠢᠨ ᠢ ᠵᠠᠰᠠᠨ ᠴᠡᠭᠴᠡᠯᠡᠬᠦ ᠳᠤᠰᠬᠠᠢ ᠵᠦᠢᠯ | ᠤᠨ ᠠᠵᠢᠯᠯᠠᠭᠠᠨ ᠢ ᠬᠦᠨᠵᠡᠬᠡᠢ ᠦᠷᠨᠢᠬᠦᠯᠵᠤ᠂ ︽ᠠᠷᠪᠠ ᠶᠢ ᠪᠦᠷᠬᠦᠬᠦᠯᠬᠦ︾ ᠪᠦᠲᠦᠭᠡᠨ ᠪᠠᠶᠢᠭᠤᠯᠤᠯᠳᠠ ᠶᠢᠨ ᠦᠷ᠎ᠡ | ᠪᠦᠲᠦᠭᠡᠯ ᠢ ᠪᠠᠬᠢᠵᠢᠬᠦᠯᠵᠤ᠂ ᠴᠢᠳᠠᠬᠤ ᠶᠢᠨ ᠬᠢᠷᠢ ᠪᠠᠷ 148 ᠭᠠᠴᠠᠭ᠎ᠠ ᠳᠤ ᠬᠤᠭ ᠨᠤᠪᠰᠢ ᠶᠢ ᠠᠷᠢᠯᠭᠠᠨ | ᠵᠦᠬᠡᠬᠡᠪᠦᠷᠢᠯᠡᠬᠦ ᠳᠦᠬᠦᠭᠡᠷᠦᠮᠵᠢ ᠶᠢ ᠨᠡᠮᠡᠵᠤ᠂ ᠴᠢᠳᠠᠬᠤ ᠶᠢᠨ ᠬᠢᠷᠢ ᠪᠠᠷ ᠦᠵᠡᠰᠬᠦᠯᠡᠩᠲᠦ ᠰᠠᠶᠢᠬᠠᠨ ᠰᠢᠶᠠᠩ | ᠳᠤᠰᠬᠤᠨ ᠢ ᠰᠠᠶᠢᠳᠦᠷ ᠬᠠᠮᠢᠶᠠᠷᠤᠨ ᠬᠠᠮᠠᠭᠠᠯᠠᠵᠤ ᠭᠤᠶᠤᠵᠢᠭᠤᠯᠤᠨ᠎ᠠ᠃ | ᠰᠠᠭᠤᠷᠢ ᠳᠦᠬᠦᠭᠡᠷᠦᠮᠵᠢ ᠶᠢᠨ ᠪᠦᠲᠦᠭᠡᠨ ᠪᠠᠶᠢᠭᠤᠯᠤᠯᠳᠠ ᠶᠢ ᠳᠡᠬᠦᠯᠳᠡᠷᠵᠢᠬᠦᠯᠦᠨ᠎ᠡ᠃ ᠳᠡᠮᠦᠷ ᠵᠠᠮ᠂ | ᠵᠠᠰᠠᠮᠠᠯ ᠵᠠᠮ᠂ ᠠᠭᠠᠷ ᠤᠨ ᠠᠶᠠᠯᠠᠯ᠂ ᠤᠰᠤᠨ ᠠᠰᠢᠭᠯᠠᠯᠳᠠ᠂ ᠬᠤᠳᠠ ᠶᠢᠨ ᠶᠠᠪᠤᠳᠠᠯ᠂ ᠡᠨᠧᠷᠬᠢ ᠶᠢᠨ ᠰᠤᠷᠪᠤᠯᠵᠢ᠂ | ᠰᠤᠷᠠᠭ ᠵᠠᠩᠬᠢ ᠴᠢᠮᠡᠭᠡ ᠬᠤᠯᠪᠤᠭ᠎ᠠ ᠵᠡᠷᠭᠡ ︽ᠳᠤᠯᠤᠭᠠᠨ ᠳᠤᠤᠷ︾ ᠤᠨ ᠰᠢᠰᠲ᠋ᠧᠮᠵᠢ ᠶᠢ ᠳᠦᠷᠭᠡᠳᠭᠡᠨ ᠪᠤᠢ | ᠪᠤᠯᠭᠠᠨ᠎ᠠ᠃ ᠳᠡᠮᠦᠷ ᠵᠠᠮ ᠤᠨ ᠳᠤᠤᠷ᠂ ᠴᠠᠩᠴᠦ᠋ᠨ ᠠᠴᠠ ᠪᠠᠷᠠᠭᠤᠨ ᠪᠠᠶᠠᠨᠬᠤᠸᠠ ᠬᠦᠷᠬᠦ ᠳᠡᠮᠦᠷ ᠵᠠᠮ ᠤᠨ | ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠬᠡᠰᠡᠭ ᠤᠨ ᠳᠦᠷᠦᠯ ᠵᠦᠢᠯ ᠤᠨ ᠪᠦᠲᠦᠭᠡᠨ ᠪᠠᠶᠢᠭᠤᠯᠤᠯᠳᠠ | ᠶᠢ ᠳᠦᠷᠭᠡᠳᠭᠡᠨ᠎ᠡ᠃ ᠵᠠᠰᠠᠮᠠᠯ ᠵᠠᠮ ᠤᠨ ᠳᠤᠤᠷ᠂ ᠬᠠᠭ᠎ᠠ ᠶᠢᠨ ᠰᠦᠮ᠎ᠡ ᠠᠴᠠ ᠪᠠᠶᠠᠨᠬᠤᠰᠢᠭᠤ ᠬᠦᠷᠬᠦ ᠨᠢᠬᠡᠳᠦᠭᠡᠷ | ᠳᠡᠰ ᠤᠨ ᠵᠠᠰᠠᠮᠠᠯ ᠵᠠᠮ ᠤᠨ ᠬᠤᠶᠠᠳᠤᠭᠠᠷ ᠬᠤᠭᠤᠴᠠᠭ᠎ᠠ᠂ ᠳᠠᠶᠢᠴᠢᠨᠳᠠᠯᠠ ᠠᠴᠠ ᠬᠠᠷᠠᠨᠢᠭᠤᠷ ᠬᠦᠷᠬᠦ ᠬᠡᠰᠡᠭ ᠤᠨ | ᠵᠠᠰᠠᠮᠠᠯ ᠵᠠᠮ ᠤᠨ ᠠᠵᠢᠯ ᠢ ᠳᠠᠭᠤᠰᠬᠠᠨ ᠳᠡᠷᠭᠡ ᠨᠡᠪᠳᠡᠷᠡᠬᠦᠯᠦᠨ᠎ᠡ᠃ ᠮᠤᠵᠢ ᠶᠢᠨ ᠬᠤᠭᠤᠷᠤᠨᠳᠤᠬᠢ ᠵᠠᠮ ᠱᠤᠭᠤᠮ ᠢ | ᠳᠦᠷᠭᠡᠨ ᠵᠠᠰᠠᠮᠠᠯ ᠵᠠᠮ ᠪᠤᠯᠭᠠᠨ ᠬᠤᠪᠢᠷᠠᠭᠤᠯᠬᠤ᠂ ᠲᠦᠩ ᠢᠦᠢ ᠠᠴᠠ ᠪᠠᠶᠠᠬᠤᠰᠢᠭᠤ ᠬᠦᠷᠬᠦ ᠲᠦᠷᠭᠡᠨ ᠵᠠᠰᠠᠮᠠᠯ | ᠵᠠᠮ ᠵᠡᠷᠭᠡ ᠳᠦᠷᠦᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠢᠳᠡᠪᠬᠢᠲᠡᠢ ᠠᠬᠢᠭᠤᠯᠤᠨ᠎ᠠ᠃ ᠶᠡᠷᠦᠩᠬᠡᠢ | ᠪᠡᠯᠡ ᠤᠷᠤᠭᠤᠯᠤᠯᠳᠠ ᠨᠢ1.2 ᠳ᠋ᠦᠩᠰᠢᠭᠤᠷ ᠳᠦᠬᠦᠷᠢᠭ ᠤᠨ ᠪᠦᠬᠦ ᠤᠷᠳᠤ ᠨᠢ 150 ᠺᠢᠯᠤᠮᠧᠲᠷ ᠤᠨ ᠳᠤᠰᠬᠤᠨ | ᠳᠤ ᠨᠡᠪᠳᠡᠷᠡᠬᠦ ᠱᠦᠢᠨᠢ ᠶᠢᠨ ᠵᠠᠮ ᠤᠨ ᠳᠦᠷᠦᠯ ᠵᠦᠢᠯ ᠢ ᠭᠡᠷᠡᠭᠵᠢᠬᠦᠯᠵᠤ᠂ ᠠᠯᠢᠪᠠ ᠵᠠᠰᠠᠭ ᠵᠠᠬᠢᠷᠭᠠᠨ ᠤ ᠭᠠᠴᠠᠭ᠎ᠠ | ᠪᠠ 69 ᠬᠠᠰᠤᠵᠤ ᠨᠡᠶᠢᠯᠡᠬᠦᠯᠦᠭᠰᠡᠨ ᠭᠠᠴᠠᠭ᠎ᠠ ᠪᠦᠬᠦᠨ ᠳᠤ ᠴᠠᠷᠳᠠᠭᠤᠯ ᠵᠠᠮ ︵ᠱᠦᠢᠨᠢ︶ ᠨᠡᠪᠳᠡᠷᠡᠬᠦᠯᠬᠦ ᠶᠢ | ᠪᠡᠶᠡᠯᠡᠬᠦᠯᠦᠨ᠎ᠡ᠃ 75 ᠱᠦᠢᠨᠢ ᠶᠢᠨ ᠵᠠᠮ ᠨᠡᠪᠲᠡᠷᠡᠭᠰᠡᠨ ᠦᠬᠡᠢ ᠠᠶᠢᠯ ᠤᠨ ᠬᠦᠳᠡᠭᠡ ᠳᠤᠰᠬᠤᠨ ᠤ ᠵᠠᠰᠠᠮᠠᠯ ᠵᠠᠮ | ᠤᠨ ᠳᠦᠷᠦᠯ ᠵᠦᠢᠯ ᠢ ᠴᠢᠳᠠᠬᠤ ᠶᠢᠨ ᠬᠢᠷᠢ ᠪᠠᠷ ᠦᠪᠡᠷᠲᠡᠭᠡᠨ ᠵᠠᠰᠠᠬᠤ ᠤᠷᠤᠨ ᠤ ᠵᠠᠰᠠᠮᠠᠯ ᠵᠠᠮ ᠤᠨ ᠪᠦᠲᠦᠭᠡᠨ | ᠪᠠᠶᠢᠭᠤᠯᠤᠯᠳᠠ ᠶᠢᠨ ᠳᠦᠯᠦᠪᠵᠢᠬᠦᠯᠭᠡ ᠳᠤ ᠤᠷᠤᠭᠤᠯᠵᠤ᠂ ᠪᠤᠶᠢᠳᠠ ᠪᠦᠭᠯᠡᠬᠦᠦ ᠭᠠᠵᠠᠷ ᠤᠷᠤᠨ ᠤ ᠵᠠᠮ ᠨᠡᠪᠳᠡᠷᠡᠬᠦ | ᠦᠬᠡᠢ ᠠᠰᠠᠭᠤᠳᠠᠯ ᠢ ᠰᠢᠢᠳᠪᠦᠷᠢᠯᠡᠨ᠎ᠡ᠃ ᠠᠭᠠᠷ ᠤᠨ ᠠᠶᠠᠯᠠᠯ ᠤᠨ ᠳᠤᠤᠷ᠂ ᠨᠡᠶᠢᠳᠡᠮ ᠭᠡᠷᠡᠭᠯᠡᠬᠦ ᠨᠢᠰᠭᠡᠯ ᠤᠨ | ᠪᠠᠭᠤᠳᠠᠯ ᠤᠨ ᠳᠦᠷᠦᠯ ᠵᠦᠢᠯ ᠢ ᠢᠳᠡᠪᠬᠢᠲᠡᠢ ᠳᠡᠮᠡᠴᠡᠨ ᠤᠯᠵᠤ᠂ ᠰᠡᠳᠦᠪ ᠳᠤᠭᠳᠠᠭᠠᠬᠤ᠂ ᠭᠠᠵᠠᠷ ᠰᠤᠩᠭᠤᠬᠤ᠂ | ᠤᠷᠴᠢᠨ ᠳᠤᠭᠤᠷᠢᠨ ᠤ ᠨᠦᠯᠦᠬᠡᠯᠡᠯ ᠤᠨ ᠦᠨᠡᠯᠡᠯᠲᠡ᠂ ᠠᠷᠠᠯᠵᠢᠶᠠᠴᠢᠨ ᠤᠷᠢᠬᠤ ᠵᠡᠷᠭᠡ ᠠᠵᠢᠯ ᠢ ᠳᠦᠷᠭᠡᠳᠭᠡᠨ | ᠠᠬᠢᠭᠤᠯᠵᠤ᠂ ᠵᠢᠯ ᠤᠨ ᠳᠤᠳᠤᠷ᠎ᠠ ᠰᠢᠪᠳᠤᠯᠤᠯᠳᠠ ᠶᠢᠨ ᠴᠢᠨᠠᠷ ᠲᠠᠢ ᠠᠬᠢᠴᠠ ᠲᠠᠢ ᠪᠤᠯᠬᠤ ᠶᠢ ᠪᠠᠳᠤᠯᠠᠵᠤ᠂ | ᠵᠢᠭᠤᠯᠴᠢᠯᠠᠯ᠂ ᠦᠶᠡᠷ ᠢ ᠰᠡᠷᠭᠡᠶᠢᠯᠡᠨ ᠭᠠᠩ ᠢ ᠡᠰᠡᠷᠬᠦᠴᠡᠬᠦ᠂ ᠬᠠᠶᠢᠨ ᠬᠡᠮᠵᠢᠵᠤ ᠭᠠᠮᠰᠢᠭ ᠠᠴᠠ ᠠᠪᠤᠷᠠᠬᠤ ᠵᠡᠷᠭᠡ | ᠬᠦᠭᠵᠢᠯᠲᠡ ᠶᠢᠨ ᠭᠡᠷᠡᠭᠴᠡᠭᠡ ᠶᠢ ᠬᠠᠨᠤᠭᠠᠨᠠ᠃ ᠤᠰᠤᠨ ᠠᠰᠢᠭᠯᠠᠯᠳᠠ ᠶᠢᠨ ᠳᠤᠤᠷ᠂ ᠬᠤᠤᠯᠢᠨ ᠭᠤᠤᠯ ᠢ | ᠶᠡᠷᠦᠶᠢᠩᠬᠡᠶᠢᠯᠡᠨ ᠵᠠᠰᠠᠬᠤ ᠢᠨᠵᠧᠨᠧᠷᠢᠩ ᠤᠨ ᠪᠠᠶᠠᠨᠬᠤᠰᠢᠭᠤ ᠠᠴᠠ ᠬᠠᠷᠠᠨᠢᠭᠤᠷ ᠬᠦᠷᠬᠦ ᠬᠡᠰᠡᠭ᠂ ᠬᠠᠩᠭᠠᠯ ᠤᠰᠤᠨ | ᠴᠦᠬᠦᠷᠦᠮ ᠤᠨ ᠭᠠᠩ ᠢ ᠡᠰᠡᠷᠬᠦᠴᠡᠬᠦ ᠪᠠᠴᠢᠮ ᠪᠠᠶᠢᠳᠠᠯ ᠢ ᠠᠷᠭᠠᠴᠠᠬᠤ ᠤᠰᠤᠨ ᠤ ᠡᠬᠢ ᠰᠤᠷᠪᠤᠯᠵᠢ ᠶᠢᠨ | ᠢᠨᠵᠧᠨᠧᠷᠢᠩ ᠢ ᠳᠠᠭᠤᠰᠬᠠᠵᠤ᠂ ᠴᠢᠳᠠᠬᠤ ᠶᠢᠨ ᠬᠢᠷᠢ ᠪᠠᠷ ᠬᠤᠤᠯᠢᠨ ᠭᠤᠤᠯ ᠤᠨ ᠱᠤᠸᠠᠩ ᠱᠠᠨ ᠤ ᠬᠡᠰᠡᠭ ᠤᠨ | ᠦᠶᠡᠷ ᠢ ᠬᠤᠪᠢᠶᠠᠷᠢᠯᠠᠬᠤ᠂ ᠤᠰᠤ ᠳᠠᠳᠠᠬᠤ ᠬᠦᠢᠰᠦ ᠪᠠᠷᠢᠯᠭ᠎ᠠ ᠶᠢᠨ ᠳᠦᠭᠰᠢᠬᠦᠷᠢ ᠶᠢ ᠦᠬᠡᠶᠢᠰᠭᠡᠨ ᠪᠠᠬᠢᠵᠢᠬᠦᠯᠬᠦ | ᠢᠨᠵᠧᠨᠧᠷᠢᠩ ᠢ ᠠᠵᠢᠯ ᠡᠬᠢᠯᠡᠬᠦᠯᠵᠤ᠂ ᠨᠤᠨ ᠮᠦᠷᠡᠨ ᠵᠢᠴᠢ ᠴᠢᠬᠤᠯᠠ ᠤᠷᠤᠰᠬᠠᠯ ᠢ ᠵᠠᠰᠠᠬᠤ ᠳᠦᠷᠦᠯ ᠵᠦᠢᠯ ᠢ | ᠢᠳᠡᠪᠬᠢᠲᠡᠢ ᠳᠡᠮᠡᠴᠡᠨ ᠤᠯᠤᠨ᠎ᠠ᠃ ᠴᠤᠤᠯ ᠭᠤᠤᠯ ᠤᠨ ᠤᠰᠤ ᠶᠢ ᠳᠠᠳᠠᠵᠤ ᠯᠢᠶᠤᠤ ᠾᠧ ᠭᠤᠤᠯ ᠳᠤ ᠤᠷᠤᠭᠤᠯᠬᠤ | ᠢᠨᠵᠧᠨᠧᠷᠢᠩ ᠪᠠ ᠪᠠᠶᠠᠨᠬᠤᠸᠠ ᠤᠰᠤᠨ ᠠᠰᠢᠭᠯᠠᠯᠳᠠ ᠶᠢᠨ ᠬᠦᠢᠰᠦ ᠪᠠᠷᠢᠯᠭ᠎ᠠ ᠶᠢᠨ ᠪᠦᠲᠦᠭᠡᠨ ᠪᠠᠶᠢᠭᠤᠯᠤᠯᠳᠠ ᠶᠢᠨ | ᠳᠦᠷᠦᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠬᠠᠮᠵᠢᠯᠴᠠᠨ ᠰᠠᠶᠢᠳᠦᠷ ᠬᠢᠨ᠎ᠡ᠃ ᠡᠨᠧᠷᠬᠢ ᠶᠢᠨ | ᠰᠤᠷᠪᠤᠯᠵᠢ ᠶᠢᠨ ᠳᠤᠤᠷ᠂ ᠵᠠᠷᠤᠳ ᠠᠴᠠ ᠬᠢᠩᠭᠠᠨ ᠬᠦᠷᠬᠦ 500 ᠺᠢᠯᠤᠸᠠᠯᠲ ᠤᠨ ᠱᠤᠭᠤᠮ ᠤᠨ ᠢᠨᠵᠧᠨᠧᠷᠢᠩ | ᠵᠡᠷᠭᠡ ᠦᠨᠳᠦᠷ ᠳᠡᠰ ᠤᠨ ᠴᠠᠬᠢᠯᠭᠠᠨ ᠤ ᠳᠤᠤᠷ ᠤᠨ ᠪᠦᠲᠦᠭᠡᠨ ᠪᠠᠶᠢᠭᠤᠯᠤᠯᠳᠠ ᠶᠢᠨ ᠳᠦᠷᠦᠯ ᠵᠦᠢᠯ ᠤᠨ ᠡᠮᠦᠨᠡᠬᠢ | ᠬᠤᠭᠤᠴᠠᠭᠠᠨ ᠤ ᠠᠵᠢᠯ ᠢ ᠰᠠᠶᠢᠳᠦᠷ ᠬᠢᠨ᠎ᠡ᠃ ᠶᠡᠷᠦᠩᠬᠡᠢ ᠪᠡᠯᠡ ᠤᠷᠤᠭᠤᠯᠤᠯᠳᠠ ᠨᠢ 2.4 ᠳ᠋ᠦᠩᠰᠢᠭᠤᠷ | ᠳᠦᠬᠦᠷᠢᠭ ᠤᠨ ᠰᠢᠨ᠎ᠡ ᠨᠢᠬᠡᠨ ᠡᠬᠡᠯᠵᠢ ᠶᠢᠨ ᠳᠠᠷᠢᠶᠠᠯᠠᠩ ᠤᠨ ᠴᠠᠬᠢᠯᠭᠠᠨ ᠳᠤᠤᠷ ᠢ ᠦᠭᠡᠷᠡᠴᠢᠯᠡᠨ ᠪᠠᠶᠢᠭᠤᠯᠵᠤ ᠳᠡᠰ | ᠳᠡᠪᠰᠢᠬᠦᠯᠬᠦ ᠳᠦᠷᠦᠯ ᠵᠦᠢᠯ ᠢ ᠭᠡᠷᠡᠭᠵᠢᠬᠦᠯᠵᠤ᠂ ᠴᠠᠬᠢᠯᠭᠠᠨ ᠬᠦᠴᠦᠳᠡᠯ ᠪᠠᠷᠢᠮᠵᠢᠶ᠎ᠠ ᠳᠤ ᠬᠦᠷᠬᠦ ᠦᠬᠡᠢ | ᠬᠦᠳᠡᠯᠬᠡᠬᠦᠷ ᠬᠦᠴᠦᠨ ᠤ ᠴᠠᠬᠢᠯᠭᠠᠨ ᠨᠡᠪᠳᠡᠷᠡᠬᠦ ᠦᠬᠡᠢ ᠵᠡᠷᠭᠡ ᠳᠤᠪᠤᠶᠢᠮ᠎ᠠ ᠠᠰᠠᠭᠤᠳᠠᠯ ᠢ ᠤᠯᠠᠮ ᠨᠢᠬᠡ ᠠᠯᠬᠤᠮ | ᠰᠢᠢᠳᠪᠦᠷᠢᠯᠡᠨ᠎ᠡ᠃ ᠬᠤᠳᠠ ᠶᠢᠨ ᠶᠠᠪᠤᠳᠠᠯ ᠤᠨ ᠳᠤᠤᠷ᠂ ᠵᠠᠮ ᠱᠤᠭᠤᠮ ᠵᠡᠷᠭᠡ ᠬᠤᠳᠠ ᠶᠢᠨ ᠶᠠᠪᠤᠳᠠᠯ ᠤᠨ | ᠬᠤᠭᠤᠯᠠᠢ ᠳᠤᠤᠷ ᠤᠨ ᠪᠦᠲᠦᠭᠡᠨ ᠪᠠᠶᠢᠭᠤᠯᠤᠯᠳᠠ ᠶᠢ ᠳᠦᠷᠭᠡᠳᠭᠡᠨ ᠠᠬᠢᠭᠤᠯᠵᠤ᠂ ᠶᠡᠷᠦᠩᠬᠡᠢ ᠪᠡᠯᠡ | ᠤᠷᠤᠭᠤᠯᠤᠯᠳᠠ ᠨᠢ 1.66 ᠳ᠋ᠦᠩᠰᠢᠭᠤᠷ ᠳᠦᠬᠦᠷᠢᠭ ᠤᠨ 4.55 ᠲᠦᠮᠡᠨ ᠳᠡᠭᠰᠢ ᠳᠦᠷᠪᠡᠯᠵᠢᠨ ᠮᠧᠲᠷ ᠤᠨ | ᠪᠠᠯᠭᠠᠰᠤᠨ ᠤ ᠤᠷᠤᠨ ᠤ ᠵᠠᠮ ᠱᠤᠭᠤᠮ᠂ 5 ᠺᠢᠯᠤᠮᠧᠲᠷ ᠤᠨ ᠤᠰᠤ ᠬᠠᠩᠭᠠᠬᠤ ᠬᠤᠭᠤᠯᠠᠢ ᠶᠢᠨ ᠳᠤᠤᠷ ᠂ 13 | ᠺᠢᠯᠤᠮᠧᠲᠷ ᠤᠨ ᠪᠤᠬᠢᠷᠳᠤᠯ ᠤᠰᠤᠨ ᠤ ᠬᠤᠭᠤᠯᠠᠢ ᠶᠢᠨ ᠳᠤᠤᠷ ᠵᠡᠷᠭᠡ ᠢᠨᠵᠧᠨᠧᠷᠢᠩ ᠢ ᠰᠠᠶᠢᠳᠦᠷ ᠭᠡᠷᠡᠭᠵᠢᠬᠦᠯᠦᠨ᠎ᠡ᠃ | ᠰᠣᠷᠠᠭ ᠵᠠᠩᠬᠢ ᠴᠢᠮᠡᠭᠡ ᠬᠤᠯᠪᠤᠭ᠎ᠠ ᠶᠢᠨ ᠳᠤᠤᠷ᠂ ᠬᠤᠳᠠ ᠬᠦᠳᠡᠭᠡ ᠶᠢᠨ ᠭᠡᠷᠡᠯ ᠤᠨ ᠰᠢᠷᠭᠡᠭᠯᠢᠭ ᠤᠨ ᠳᠤᠤᠷ | ᠰᠦᠯᠵᠢᠶ᠎ᠡ ᠪᠠ 4G ᠴᠢᠮᠡᠭᠡ ᠬᠤᠯᠪᠤᠭ᠎ᠠ ᠳᠤᠤᠷ ᠰᠦᠯᠵᠢᠶᠡᠨ ᠤ ᠪᠦᠷᠬᠦᠴᠡ ᠶᠢᠨ ᠬᠡᠮᠵᠢᠶ᠎ᠡ ᠶᠢ ᠤᠯᠠᠮ ᠨᠢᠬᠡ | ᠠᠯᠬᠤᠮ ᠦᠷᠭᠡᠳᠭᠡᠨ᠎ᠡ᠃ | ︵ᠳᠤᠯᠤᠭ᠎ᠠ︶ ᠠᠮᠢ ᠠᠬᠤᠢ ᠶᠢᠨ ᠬᠤᠷᠢᠭ᠎ᠠ ᠱᠤᠭᠤᠮ ᠢ ᠰᠠᠬᠢᠬᠤ ᠶᠢ ᠪᠠᠷᠢᠮᠳᠠᠯᠠᠵᠤ᠂ ᠠᠮᠢ ᠠᠬᠤᠢ ᠶᠢᠨ | ᠪᠤᠯᠪᠠᠰᠤᠨ ᠤ ᠪᠠᠶᠢᠭᠤᠯᠤᠯᠳᠠ ᠶᠢ ᠬᠦᠴᠦᠯᠡᠨ ᠴᠢᠩᠭᠠᠳᠬᠨ᠎ᠠ᠃ ᠠᠮᠢ ᠠᠬᠤᠢ ᠶᠢ ᠬᠤᠰᠢᠭᠤ ᠪᠠᠨ ᠪᠠᠶᠢᠭᠤᠯᠬᠤ | ᠦᠨᠳᠦᠰᠦ᠂ ᠬᠦᠭᠵᠢᠯᠲᠡ ᠶᠢᠨ ᠰᠠᠭᠤᠷᠢ ᠪᠤᠯᠭᠠᠨ᠎ᠠ᠃ ︽ᠴᠡᠩᠭᠡᠷ ᠤᠰᠤ ᠬᠦᠬᠡᠮᠳᠡᠭ ᠠᠭᠤᠯᠠ ᠪᠤᠯ ᠠᠯᠳᠠ | ᠮᠦᠩᠬᠦᠨ ᠠᠭᠤᠯᠠ︾ ᠶᠢᠨ ᠤᠶᠢᠯᠠᠭᠠᠭᠳᠠᠬᠤᠨ ᠢ ᠪᠠᠳᠤᠳᠠᠢ ᠪᠤᠢ ᠪᠤᠯᠭᠠᠨ᠂ ︽ᠬᠤᠷᠢᠭ᠎ᠠ ᠱᠤᠭᠤᠮ︾ ᠤᠨ | ᠰᠡᠳᠬᠢᠬᠦᠢ᠂ ︽ᠤᠯᠠᠭᠠᠨ ᠱᠤᠭᠤᠮ︾ ᠤᠨ ᠤᠬᠠᠮᠰᠠᠷ ᠢ ᠴᠢᠩᠭᠠᠷᠠᠭᠤᠯᠵᠤ᠂ ᠪᠤᠬᠢᠷᠳᠤᠯ ᠦᠬᠡᠢ ᠬᠦᠭᠵᠢᠯᠲᠡ ᠶᠢᠨ | ᠵᠠᠮ ᠢᠶᠠᠷ ᠭᠤᠶᠢᠪᠠᠰᠢ ᠦᠬᠡᠢ ᠵᠠᠮᠨᠠᠵᠤ᠂ ᠦᠵᠡᠰᠬᠦᠯᠡᠩᠲᠦ ᠰᠠᠶᠢᠬᠠᠨ ᠬᠢᠭᠡᠳ ᠬᠦᠭᠵᠢᠯᠲᠡ ᠶᠢᠨ ᠬᠤᠤᠰ ᠦᠷ᠎ᠡ | ᠠᠰᠢᠭ ᠤᠯᠬᠤ᠂ ᠪᠤᠬᠢᠷᠳᠤᠯ ᠦᠬᠡᠢ ᠬᠢᠬᠡᠳ ᠬᠦᠭᠵᠢᠯᠲᠡ ᠬᠠᠮᠳᠤᠪᠡᠷ ᠤᠷᠤᠰᠢᠬᠤ ᠶᠢ ᠪᠡᠶᠡᠯᠡᠬᠦᠯᠦᠨ᠎ᠡ᠃ | ᠠᠮᠢ ᠠᠬᠤᠢ ᠶᠢ ᠬᠠᠮᠠᠭᠠᠯᠠᠨ ᠪᠦᠲᠦᠭᠡᠨ ᠪᠠᠶᠢᠭᠤᠯᠬᠤ ᠶᠢ ᠴᠢᠩᠭᠠᠳᠬᠠᠨ᠎ᠠ᠃ ᠠᠶᠢᠮᠠᠭ ᠤᠨ ᠨᠠᠮ ᠤᠨ | ᠬᠤᠷᠢᠶ᠎ᠠ᠂ ᠵᠠᠬᠢᠷᠭ᠎ᠠ ᠶᠢᠨ ︽ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠳᠦᠷᠭᠡᠳᠭᠡᠨ ᠠᠬᠢᠭᠤᠯᠬᠤ | ᠳᠤᠬᠠᠢ ᠭᠡᠷᠡᠭᠵᠢᠬᠦᠯᠬᠦ ᠰᠠᠨᠠᠯ︾ ᠢ ᠪᠦᠬᠦ ᠳᠠᠯ᠎ᠠ ᠪᠠᠷ ᠳᠤᠤᠱᠯᠠᠭᠤᠯᠤᠨ ᠨᠠᠶᠢᠳᠠᠪᠦᠷᠢᠵᠢᠭᠤᠯᠤᠨ᠎ᠠ᠃ ᠢᠨᠵᠧᠨᠧᠷᠢᠩ ᠤᠨ | ᠠᠷᠭ᠎ᠠ ᠠᠪᠴᠠᠯ ᠬᠢᠭᠡᠳ ᠪᠠᠶᠢᠭᠠᠯᠢ ᠶᠢᠨ ᠰᠡᠷᠬᠦᠭᠡᠯᠲᠡ ᠬᠢᠬᠦ ᠶᠢ ᠬᠠᠷᠢᠯᠴᠠᠨ ᠤᠶᠠᠯᠳᠤᠭᠤᠯᠬᠤ ᠶᠢ ᠪᠠᠷᠢᠮᠳᠠᠯᠠᠵᠤ᠂ | ᠠᠭᠠᠵᠢᠮ ᠢᠶᠠᠷ ᠭᠡᠳᠦᠷᠭᠡᠢ ᠡᠯᠡᠰᠦᠷᠭᠡᠭᠵᠢᠭᠰᠡᠨ ᠳᠠᠷᠢᠶᠠᠨ ᠭᠠᠵᠠᠷ ᠪᠠ 25 ᠭᠷᠠᠳᠦ᠋ᠰ ᠠᠴᠠ ᠳᠡᠭᠡᠭᠰᠢᠬᠢ ᠬᠢᠷ᠎ᠠ | ᠳᠠᠷᠢᠶᠠᠨ ᠭᠠᠵᠠᠷ ᠢ ᠪᠦᠬᠦᠨ ᠢ ᠳᠠᠷᠢᠶᠠᠯᠠᠬᠤ ᠶᠢ ᠵᠤᠭᠰᠤᠭᠠᠵᠤ ᠤᠶᠢᠵᠢᠭᠤᠯᠤᠯᠳᠠ ᠬᠢᠨ ᠡᠪᠡᠰᠦ ᠳᠠᠷᠢᠵᠤ᠂ ᠠᠮᠢ | ᠠᠬᠤᠢ ᠶᠢᠨ ᠤᠷᠴᠢᠨ ᠳᠤᠭᠤᠷᠢᠨ ᠤ ᠰᠡᠷᠬᠦᠭᠡᠯᠲᠡ ᠶᠢ ᠳᠦᠷᠭᠡᠳᠭᠡᠨ᠎ᠡ᠃ ︽ᠪᠡᠯᠴᠢᠬᠡᠷᠯᠡᠬᠦᠯᠬᠦ ᠶᠢ ᠴᠠᠭᠠᠵᠠᠯᠠᠵᠤ᠂ | ᠠᠳᠠᠷ ᠬᠠᠭᠠᠯᠪᠦᠷᠢᠯᠠᠬᠤ ᠶᠢ ᠴᠠᠭᠠᠵᠠᠯᠠᠬᠤ᠂ ᠤᠢ ᠮᠤᠳᠤ ᠤᠭᠳᠤᠯᠬᠤ ᠶᠢ ᠴᠠᠭᠠᠵᠠᠯᠠᠬᠤ ᠠᠵᠢᠯ ᠤᠨ ᠬᠠᠮᠢᠶᠠᠷᠤᠯᠳᠠ | ᠶᠢᠨ ᠠᠷᠭ᠎ᠠ ︵ᠳᠤᠷᠰᠢᠨ ᠭᠡᠷᠡᠭᠯᠡᠬᠦ︶︾ ᠶᠢ ᠪᠦᠬᠦ ᠳᠠᠯ᠎ᠠ ᠪᠠᠷ ᠨᠠᠶᠢᠳᠠᠪᠦᠷᠢᠵᠢᠭᠤᠯᠵᠤ᠂ ᠪᠡᠯᠴᠢᠭᠡᠷᠯᠡᠬᠦᠯᠬᠦ ᠶᠢ | ᠴᠠᠭᠠᠵᠠᠯᠠᠬᠤ ᠪᠠ ᠮᠠᠯ ᠪᠡᠯᠴᠢᠭᠡᠷ ᠢ ᠳᠡᠩᠴᠡᠬᠦᠷᠢᠰᠢᠬᠦᠯᠬᠦ ᠳᠦᠷᠢᠮ ᠢ ᠳᠡᠬᠦᠯᠳᠡᠷᠵᠢᠬᠦᠯᠦᠨ᠎ᠡ᠃ ᠬᠠᠤᠯᠢ ᠶᠢ | ᠭᠡᠷᠡᠭᠵᠢᠬᠦᠯᠬᠦ ᠬᠦᠴᠦᠯᠡᠴᠡ ᠪᠠᠨ ᠦᠨᠡᠨᠬᠦ ᠨᠡᠮᠡᠭᠳᠡᠬᠦᠯᠵᠤ᠂ ᠳᠤᠷ᠎ᠠ ᠪᠠᠷ ᠬᠠᠭᠠᠯᠪᠦᠷᠢᠯᠠᠵᠤ᠂ ᠳᠠᠷᠬᠠᠢ ᠪᠤᠳᠠᠷᠬᠠᠢ | ᠮᠠᠯᠵᠢᠨ ᠬᠤᠯᠠᠭᠠᠶᠢᠯᠠᠨ ᠮᠠᠯᠵᠢᠬᠤ᠂ ᠨᠤᠳᠤᠭ ᠪᠡᠯᠴᠢᠭᠡᠷ ᠢ ᠵᠢᠬᠡᠯᠡᠨ ᠮᠠᠯᠵᠢᠬᠤ ᠵᠡᠷᠭᠡ ᠠᠵᠢᠯᠯᠠᠭ᠎ᠠ ᠳᠤ ᠬᠦᠨᠳᠦ | ᠴᠤᠬᠢᠯᠳᠠ ᠦᠭᠴᠦ᠂ ᠴᠢᠯᠠᠭᠤ ᠭᠠᠷᠭᠠᠬᠤ᠂ ᠬᠠᠶᠢᠷ ᠴᠢᠯᠠᠭᠤ ᠮᠠᠯᠳᠠᠬᠤ ᠪᠠ ᠤᠰᠤᠨ ᠤ ᠡᠬᠢ ᠰᠤᠷᠪᠤᠯᠵᠢ ᠶᠢ | ᠨᠡᠬᠡᠬᠡᠨ ᠠᠰᠢᠭᠯᠠᠬᠤ ᠶᠢ ᠴᠢᠩᠭ᠎ᠠ ᠬᠤᠷᠢᠭᠯᠠᠵᠤ᠂ ᠭᠠᠵᠠᠷ ᠰᠢᠷᠤᠢ᠂ ᠤᠶᠢᠲᠦ ᠭᠠᠵᠠᠷ᠂ ᠨᠤᠳᠤᠭ ᠪᠡᠯᠴᠢᠭᠡᠷ ᠢ | ᠳᠠᠳᠠᠪᠦᠷᠢᠯᠠᠨ ᠡᠵᠡᠯᠡᠵᠤ ᠭᠡᠷᠡᠭᠯᠡᠬᠦ ᠶᠢ ᠬᠢᠨᠠᠨ ᠵᠦᠪᠰᠢᠶᠡᠷᠡᠬᠦ ᠭᠤᠶᠤᠴᠢᠯᠠᠬᠤ ᠠᠵᠢᠯ ᠢ ᠳᠦᠷᠢᠮᠵᠢᠬᠦᠯᠵᠤ᠂ ᠠᠮᠢ | ᠠᠬᠤᠢ ᠶᠢᠨ ᠤᠷᠴᠢᠨ ᠳᠤᠭᠤᠷᠢᠨ ᠤ ᠠᠮᠤᠷ ᠲᠦᠪᠰᠢᠨ ᠢ ᠬᠠᠮᠠᠭᠠᠯᠠᠨ᠎ᠠ᠃ ︽ᠠᠮᠢ ᠠᠬᠤᠢ ᠶᠢ ᠳᠡᠷᠢᠬᠦᠨ ᠳᠤ | ᠳᠠᠯᠪᠢᠵᠤ᠂ ᠬᠤᠶᠠᠷ ᠳᠠᠯ᠎ᠠ ᠳᠡᠰᠢ ᠭᠤᠤᠯᠳᠠᠭᠤᠯᠬᠤ᠂ ᠰᠢᠯᠢᠳᠡᠭ ᠪᠦᠲᠦᠭᠡᠭᠳᠡᠬᠦᠨ ᠢ ᠪᠤᠢ ᠪᠤᠯᠭᠠᠬᠤ︾ ᠱᠠᠭᠠᠷᠳᠠᠯᠭ᠎ᠠ | ᠶᠤᠰᠤᠭᠠᠷ᠂ ᠪᠠᠶᠠᠨᠬᠤᠰᠢᠭᠤ ᠪᠠᠯᠭᠠᠰᠤᠨ ᠤ ᠤᠷᠤᠨ ᠤ ᠨᠤᠭᠤᠭᠠᠷᠠᠭᠤᠯᠤᠯᠳᠠ ᠶᠢᠨ ᠬᠢᠷᠢ ᠲᠦᠪᠰᠢᠨ ᠢ | ᠳᠡᠭᠡᠭᠰᠢᠯᠡᠬᠦᠯᠵᠤ᠂ ᠦᠨᠳᠦᠷ ᠪᠠᠷᠢᠮᠵᠢᠶ᠎ᠠ ᠪᠠᠷ ᠤᠯᠤᠰ ᠮᠤᠵᠢ ᠶᠢᠨ ᠵᠠᠮ ᠱᠤᠭᠤᠮ᠂ ᠴᠢᠨᠳᠠᠮᠤᠨᠢ ᠠᠭᠤᠯᠠ ᠵᠢᠴᠢ | ᠬᠤᠶᠢᠲᠦ ᠠᠭᠤᠯᠠ ᠶᠢᠨ ᠴᠡᠴᠡᠷᠯᠢᠭ ᠤᠨ ᠨᠤᠭᠤᠭᠠᠷᠠᠭᠤᠯᠤᠯᠳᠠ ᠶᠢᠨ ᠢᠨᠵᠧᠨᠧᠷᠢᠩ ᠢ ᠭᠡᠷᠡᠭᠵᠢᠬᠦᠯᠵᠤ᠂ ᠭᠤᠤᠯᠳᠠᠯᠭ᠎ᠠ | ᠲᠠᠢ ᠡᠯᠡᠰᠦ ᠰᠢᠷᠤᠢ ᠶᠢᠨ ᠪᠦᠰᠡ ᠵᠢᠴᠢ ᠠᠮᠢ ᠠᠬᠤᠢ ᠬᠦᠨᠳᠦ ᠰᠦᠷᠡᠬᠡᠢ ᠡᠪᠳᠡᠭᠳᠡᠭᠰᠡᠨ ᠬᠤᠪᠬᠠᠢ ᠠᠭᠤᠯᠠ ᠶᠢᠨ | ᠨᠤᠭᠤᠭᠠᠷᠠᠭᠤᠯᠤᠯᠳᠠ ᠶᠢ ᠰᠠᠶᠢᠳᠦᠷ ᠬᠢᠵᠤ᠂ ᠪᠦᠬᠦ ᠵᠢᠯ ᠤᠨ ᠭᠤᠤᠯᠳᠠᠯᠭ᠎ᠠ ᠲᠠᠢ ᠤᠷᠤᠨ ᠤ ᠨᠤᠭᠤᠭᠠᠷᠠᠭᠤᠯᠤᠯᠳᠠ ᠶᠢ | 3 ᠲᠦᠮᠡᠨ ᠮᠤ᠋ ᠪᠡᠶᠡᠯᠡᠬᠦᠯᠦᠨ᠎ᠡ᠃ ᠭᠤᠷᠪᠠᠨ ᠤᠮᠠᠷᠠᠲᠦ ᠶᠢᠨ ᠬᠠᠯᠬᠠᠪᠴᠢ ᠤᠢ᠂ ᠳᠠᠷᠢᠶᠠᠯᠠᠬᠤ ᠶᠢ ᠵᠤᠭᠰᠤᠭᠠᠵᠤ | ᠤᠶᠢᠵᠢᠭᠤᠯᠤᠯᠳᠠ ᠬᠢᠬᠦ᠂ ᠨᠢᠰᠭᠡᠯ ᠢᠶᠠᠷ ᠤᠶᠢᠵᠢᠭᠤᠯᠤᠯᠳᠠ ᠬᠢᠬᠦ ᠵᠡᠷᠭᠡ ᠭᠤᠤᠯᠳᠠᠯᠭ᠎ᠠ ᠲᠠᠢ ᠠᠮᠢ ᠠᠬᠤᠢ ᠶᠢᠨ | ᠢᠨᠵᠧᠨᠧᠷᠢᠩ ᠢ ᠰᠠᠶᠢᠳᠦᠷ ᠭᠡᠷᠡᠭᠵᠢᠬᠦᠯᠵᠤ᠂ 15.45 ᠲᠦᠮᠡᠨ ᠮᠤ᠋ ᠶᠢᠨ ᠤᠶᠢᠵᠢᠭᠤᠯᠤᠯᠳᠠ ᠶᠢ ᠪᠡᠶᠡᠯᠡᠬᠦᠯᠦᠨ᠎ᠡ᠃ | ᠵᠠᠬ᠎ᠠ ᠬᠠᠳᠠ ᠪᠠ ᠪᠦᠭᠡᠭ ᠤᠨ ᠵᠢᠯᠠᠭ᠎ᠠ ᠵᠡᠷᠭᠡ ᠤᠰᠤ ᠰᠢᠷᠤᠢ ᠶᠢ ᠪᠠᠳᠤᠯᠠᠬᠤ ᠭᠤᠤᠯᠳᠠᠯᠭ᠎ᠠ ᠲᠠᠢ ᠢᠨᠵᠧᠨᠧᠷᠢᠩ ᠢ | ᠳᠠᠭᠤᠰᠬᠠᠵᠤ᠂ 5 ᠲᠦᠮᠡᠨ ᠮᠤ᠋ ᠶᠢ ᠶᠡᠷᠦᠩᠬᠡᠶᠢᠯᠡᠨ ᠵᠠᠰᠠᠵᠤ᠂ 20 ᠲᠦᠮᠡᠨ ᠮᠤ᠋ ᠶᠢ ᠪᠢᠳᠡᠬᠦᠮᠵᠢᠯᠡᠨ᠎ᠡ᠃ | ᠤᠷᠴᠢᠨ ᠳᠤᠭᠤᠷᠢᠨ ᠤ ᠵᠠᠰᠠᠨ ᠴᠡᠭᠴᠡᠯᠡᠯᠲᠡ ᠶᠢᠨ ᠬᠦᠴᠦᠯᠡᠴᠡ ᠪᠠᠨ ᠨᠡᠮᠡᠭᠳᠡᠬᠦᠯᠦᠨ᠎ᠡ᠃ ᠤᠷᠴᠢᠨ | ᠳᠤᠭᠤᠷᠢᠨ ᠢ ᠶᠡᠷᠦᠩᠬᠡᠶᠢᠯᠡᠨ ᠵᠠᠰᠠᠨ ᠴᠡᠭᠴᠡᠯᠡᠬᠦ ᠪᠠ ᠬᠠᠤᠯᠢ ᠶᠢ ᠭᠡᠷᠡᠭᠵᠢᠬᠦᠯᠬᠦ ᠠᠵᠢᠯ ᠢ ᠴᠢᠩᠭᠠᠳᠬᠠᠵᠤ᠂ ᠤᠷᠴᠢᠨ | ᠳᠤᠭᠤᠷᠢᠨ ᠤ ᠬᠠᠤᠯᠢ ᠶᠢ ᠵᠦᠷᠢᠴᠡᠭᠰᠡᠨ ᠠᠵᠢᠯᠯᠠᠭ᠎ᠠ ᠳᠤ ᠬᠦᠨᠳᠦ ᠴᠤᠬᠢᠯᠳᠠ ᠦᠭᠴᠦ᠂ ᠠᠭᠠᠷ ᠮᠠᠨᠳᠠᠯ᠂ ᠤᠰᠤ | ᠬᠦᠷᠦᠰᠦ ᠶᠢᠨ ᠪᠤᠬᠢᠷᠳᠤᠯ ᠢ ᠬᠦᠴᠦᠯᠡᠨ ᠰᠡᠷᠭᠡᠶᠢᠯᠡᠨ᠎ᠡ᠃ ᠬᠤᠤᠯᠢᠨ ᠭᠤᠤᠯ ᠤᠨ ᠤᠭᠳᠤᠯᠤᠭᠠᠰᠤ ᠶᠢᠨ ᠤᠰᠤᠨ ᠤ | ᠪᠤᠬᠢᠷᠳᠤᠯ ᠢ ᠵᠠᠰᠠᠬᠤ ᠳᠦᠰᠦᠯ ᠢ ᠨᠠᠶᠢᠷᠠᠭᠤᠯᠤᠨ ᠵᠤᠬᠢᠶᠠᠵᠤ ᠳᠠᠭᠤᠰᠬᠠᠨ᠎ᠠ᠃ ᠠᠵᠤ ᠦᠢᠯᠡᠳᠪᠦᠷᠢ ᠶᠢᠨ ᠤᠷᠤᠨ | ᠳᠤᠭᠤᠷᠢᠭ᠂ ᠳᠠᠷᠢᠶᠠᠯᠠᠩ ᠮᠠᠯ ᠠᠵᠤ ᠠᠬᠤᠢ ᠶᠢᠨ ᠨᠢᠭᠤᠷ ᠳᠠᠯ᠎ᠠ ᠶᠢᠨ ᠪᠤᠬᠢᠷᠳᠤᠯ ᠪᠠ ᠠᠭᠤᠷᠬᠠᠢ ᠶᠢᠨ ᠭᠠᠵᠠᠷ ᠤᠨ | ᠤᠷᠴᠢᠨ ᠳᠤᠭᠤᠷᠢᠨ ᠤ ᠶᠡᠷᠦᠩᠬᠡᠶᠢᠯᠡᠨ ᠵᠠᠰᠠᠯᠳᠠ ᠶᠢ ᠳᠦᠷᠭᠡᠳᠭᠡᠵᠤ᠂ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ | ᠳᠤ ᠬᠠᠤᠯᠢ ᠪᠤᠰᠤ ᠪᠠᠷ ᠪᠦᠲᠦᠭᠡᠨ ᠪᠠᠶᠢᠭᠤᠯᠬᠤ ᠪᠠ ᠨᠡᠬᠡᠬᠡᠨ ᠠᠰᠢᠭᠯᠠᠬᠤ ᠶᠢ ᠴᠠᠭᠠᠵᠠᠯᠠᠨ᠎ᠠ᠃ ᠬᠠᠮᠤᠭ ᠤᠨ ᠡᠷᠡᠰ | ᠴᠢᠩᠭ᠎ᠠ ᠤᠰᠤᠨ ᠤ ᠡᠬᠢ ᠰᠤᠷᠪᠤᠯᠵᠢ ᠶᠢ ᠬᠠᠮᠢᠶᠠᠷᠬᠤ ᠳᠦᠷᠢᠮ ᠢ ᠭᠡᠷᠡᠭᠵᠢᠬᠦᠯᠵᠤ᠂ ᠤᠰᠤ ᠠᠷᠪᠢᠯᠠᠬᠤ ᠬᠡᠯᠪᠡᠷᠢ | ᠶᠢᠨ ᠨᠡᠶᠢᠬᠡᠮ ᠢ ᠪᠦᠲᠦᠭᠡᠨ ᠪᠠᠶᠢᠭᠤᠯᠤᠨ᠎ᠠ᠃ ᠳᠦᠷᠦᠯ ᠵᠦᠢᠯ ᠤᠨ ᠤᠷᠴᠢᠨ ᠳᠤᠭᠤᠷᠢᠨ ᠤ ᠨᠦᠯᠦᠬᠡᠯᠡᠯ ᠤᠨ | ᠦᠨᠡᠯᠡᠯᠲᠡ ᠬᠢᠭᠡᠳ ᠳᠦᠯᠦᠪᠵᠢᠬᠦᠯᠭᠡ ᠶᠢᠨ ᠤᠷᠴᠢᠨ ᠳᠤᠭᠤᠷᠢᠨ ᠤ ᠨᠦᠯᠦᠬᠡᠯᠡᠯ ᠤᠨ ᠬᠠᠷᠢᠯᠴᠠᠨ ᠬᠦᠳᠡᠯᠦᠯᠴᠡᠬᠦ | ᠳᠤᠭᠳᠠᠴᠠ ᠶᠢ ᠪᠠᠶᠢᠭᠤᠯᠵᠤ᠂ ᠪᠤᠬᠢᠷᠳᠤᠯ ᠪᠤᠳᠠᠰ ᠢ ᠭᠠᠳᠠᠭᠰᠢᠯᠠᠭᠤᠯᠬᠤ ᠡᠷᠭᠡ ᠶᠢᠨ ᠠᠷᠠᠯᠵᠢᠶᠠᠨ ᠤ ᠵᠠᠬ᠎ᠠ | ᠳᠡᠯᠬᠡᠬᠦᠷᠴᠢᠯᠡᠯᠲᠡ ᠶᠢᠨ ᠦᠬᠡᠷᠡᠴᠢᠯᠡᠯᠲᠡ ᠶᠢ ᠳᠦᠷᠭᠡᠳᠭᠡᠨ᠎ᠡ᠃ | ᠠᠮᠢ ᠠᠬᠤᠢ ᠶᠢᠨ ᠪᠤᠯᠪᠠᠰᠤᠨ ᠤ ᠪᠦᠲᠦᠭᠡᠨ ᠪᠠᠶᠢᠭᠤᠯᠤᠯᠳᠠ ᠶᠢ ᠴᠢᠩᠭ᠎ᠠ ᠠᠳᠬᠤᠨ᠎ᠠ᠃ ︽ᠤᠯᠤᠰ ᠤᠨ | ᠠᠮᠢ ᠠᠬᠤᠢ ᠶᠢᠨ ᠪᠤᠯᠪᠠᠰᠤᠨ ᠤ ᠪᠦᠲᠦᠭᠡᠨ ᠪᠠᠶᠢᠭᠤᠯᠤᠯᠳᠠ ᠶᠢᠨ ᠵᠢᠱᠢᠶ᠎ᠡ ᠦᠵᠡᠬᠦᠯᠬᠦ ᠬᠤᠳᠠ ︵ᠰᠢᠶᠠᠨ︶︾ ᠶᠢ | ᠡᠬᠦᠳᠦᠨ ᠪᠠᠶᠢᠭᠤᠯᠬᠤ ᠠᠵᠢᠯ ᠢ ᠡᠬᠢᠯᠡᠬᠦᠯᠦᠨ᠎ᠡ᠃ ᠤᠯᠤᠰ ᠤᠨ ᠠᠮᠢ ᠠᠬᠤᠢ ᠶᠢᠨ ᠭᠤᠤᠯᠳᠠᠯᠭ᠎ᠠ ᠲᠠᠢ ᠴᠢᠳᠠᠪᠬᠢᠲᠦ | ᠤᠷᠤᠨ ᠤ ᠰᠢᠶᠠᠨ ᠤ ᠤᠷᠤᠨ ᠤ ᠠᠮᠢ ᠠᠬᠤᠢ ᠶᠢᠨ ᠤᠷᠴᠢᠨ ᠳᠤᠭᠤᠷᠢᠨ ᠤ ᠶᠠᠰᠤ ᠴᠢᠨᠠᠷ ᠤᠨ ᠬᠢᠨᠠᠨ ᠬᠡᠮᠵᠢᠯᠲᠡ᠂ | ᠦᠨᠡᠯᠡᠯᠲᠡ ᠬᠢᠭᠡᠳ ᠰᠢᠯᠭᠠᠨ ᠳᠤᠭᠳᠠᠭᠠᠬᠤ ᠠᠵᠢᠯ ᠢ ᠰᠠᠶᠢᠳᠦᠷ ᠬᠢᠵᠤ᠂ ᠠᠮᠢ ᠠᠬᠤᠢ ᠶᠢ ᠬᠠᠮᠠᠭᠠᠯᠠᠬᠤ ᠤᠯᠠᠭᠠᠨ | ᠱᠤᠭᠤᠮ ᠢ ᠴᠢᠩᠭ᠎ᠠ ᠰᠠᠬᠢᠨ᠎ᠠ᠃ ᠬᠠᠮᠠᠭᠠᠯᠠᠯᠳᠠ ᠶᠢᠨ ᠤᠷᠤᠨ ᠤ ᠠᠮᠢ ᠠᠬᠤᠢ ᠶᠢᠨ ᠪᠦᠲᠦᠭᠡᠨ ᠪᠠᠶᠢᠭᠤᠯᠤᠯᠳᠠ ᠶᠢ | ᠴᠢᠩᠭᠠᠳᠬᠠᠵᠤ᠂ ᠪᠠᠳᠤᠴᠠᠭᠠᠨ ᠤ ᠬᠠᠮᠠᠭᠠᠯᠠᠯᠳᠠ ᠶᠢᠨ ᠤᠷᠤᠨ ᠤ ᠴᠢᠳᠠᠪᠬᠢᠲᠦ ᠤᠷᠤᠨ ᠤ ᠳᠦᠯᠦᠪᠵᠢᠬᠦᠯᠭᠡ ᠶᠢ | ᠳᠤᠬᠢᠷᠠᠭᠤᠯᠬᠤ ᠠᠵᠢᠯ ᠢ ᠳᠦᠷᠭᠡᠳᠭᠡᠵᠤ᠂ ᠬᠤᠷᠴᠢᠨ ᠤ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ | ᠤᠷᠤᠨ ᠤ ᠤᠰᠤ ᠬᠠᠩᠭᠠᠬᠤ ᠢᠨᠵᠧᠨᠧᠷᠢᠩ ᠤᠨ ᠡᠮᠦᠨᠡᠬᠢ ᠬᠤᠭᠤᠴᠠᠭᠠᠨ ᠤ ᠠᠵᠢᠯ ᠢ ᠳᠦᠷᠭᠡᠳᠭᠡᠨ ᠠᠬᠢᠭᠤᠯᠵᠤ᠂ | ᠵᠢᠯ ᠤᠨ ᠳᠤᠳᠤᠷ᠎ᠠ ᠠᠵᠢᠯ ᠡᠬᠢᠯᠡᠬᠦᠯᠦᠨ ᠪᠦᠲᠦᠭᠡᠨ ᠪᠠᠶᠢᠭᠤᠯᠬᠤ ᠶᠢ ᠪᠠᠳᠤᠯᠠᠨ᠎ᠠ᠃ ᠪᠦᠬᠦ ᠪᠦᠮᠪᠦᠷᠴᠡᠭ ᠲᠤ | ᠤᠰᠠᠳᠬᠤ ᠬᠡᠵᠤ ᠪᠠᠶᠢᠭ᠎ᠠ ︽ᠬᠦᠷᠡᠩ ᠳᠤᠯᠪᠤᠳᠤ ᠠᠵᠠᠷᠭ᠎ᠠ︾ ᠶᠢ ᠬᠠᠮᠠᠭᠠᠯᠠᠬᠤ ᠠᠵᠢᠯ ᠢ ᠡᠬᠢᠯᠡᠬᠦᠯᠦᠨ᠎ᠡ᠃ | ᠪᠠᠳᠤᠴᠠᠭᠠᠨ᠂ ᠮᠦᠩᠭᠡ ᠬᠠᠨ ᠠᠭᠤᠯᠠ ᠶᠢᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠵᠡᠷᠭᠡ ᠭᠤᠤᠯᠳᠠᠯᠭ᠎ᠠ ᠲᠠᠢ | ᠭᠠᠵᠠᠷ ᠤᠷᠤᠨ ᠢ ᠦᠨᠳᠦᠷ ᠪᠠᠷᠢᠮᠵᠢᠶ᠎ᠠ ᠪᠠᠷ ᠪᠢᠳᠡᠬᠦᠮᠵᠢᠯᠡᠨ᠎ᠡ᠃ ︽ᠦᠪᠦᠷ ᠮᠤᠩᠭᠤᠯ ᠤᠨ ᠬᠤᠷᠴᠢᠨ ᠤ ᠤᠯᠤᠰ | ᠤᠨ ᠳᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ ᠴᠢᠳᠠᠪᠦᠷᠢ ᠶᠢᠨ ᠪᠠᠶᠢᠭᠤᠯᠤᠯᠳᠠ ᠶᠢᠨ ᠬᠤᠶᠠᠳᠤᠭᠠᠷ | ᠬᠤᠭᠤᠴᠠᠭᠠᠨ ᠤ ᠶᠡᠷᠦᠩᠬᠡᠢ ᠴᠤᠭᠴᠠ ᠶᠢᠨ ᠳᠦᠯᠦᠪᠵᠢᠬᠦᠯᠭᠡ︾ ᠶᠢ ᠴᠢᠳᠠᠬᠤ ᠶᠢᠨ ᠬᠢᠷᠢ ᠪᠠᠷ ᠬᠢᠨᠠᠨ | ᠵᠦᠪᠰᠢᠶᠡᠷᠡᠬᠦᠯᠵᠤ᠂ ᠠᠮᠢ ᠠᠬᠤᠢ ᠶᠢᠨ ᠤᠷᠤᠨ ᠳᠤᠭᠳᠠᠭᠠᠬᠤ ᠬᠢᠨᠠᠨ ᠬᠡᠮᠵᠢᠯᠲᠡ ᠶᠢᠨ ᠦᠷᠳᠡᠭᠡ ᠶᠢᠨ ᠳᠦᠷᠦᠯ | ᠵᠦᠢᠯ ᠢ ᠭᠡᠷᠡᠭᠵᠢᠬᠦᠯᠦᠨ᠎ᠡ᠃ ︽ᠤᠢ ᠰᠢᠭᠤᠢ ᠶᠢᠨ ᠠᠮᠢ ᠠᠬᠤᠢ ᠶᠢᠨ ᠪᠦᠲᠦᠭᠡᠨ ᠪᠠᠶᠢᠭᠤᠯᠤᠯᠳᠠ ᠶᠢᠨ ᠶᠡᠷᠦᠩᠬᠡᠢ | ᠴᠤᠭᠴᠠ ᠶᠢᠨ ᠳᠦᠯᠦᠪᠵᠢᠬᠦᠯᠬᠡ ︵2016 — 2020 ᠤᠨ︾ ᠵᠡᠷᠭᠡ ᠳᠦᠯᠦᠪᠵᠢᠬᠦᠯᠭᠡ ᠶᠢ ᠨᠠᠶᠢᠷᠠᠭᠤᠯᠤᠨ | ᠵᠤᠬᠢᠶᠠᠵᠤ ᠳᠠᠭᠤᠰᠬᠠᠨ᠎ᠠ᠃ | ︵ᠨᠠᠢᠮᠠ︶ ᠠᠷᠠᠳ ᠤᠨ ᠠᠮᠢᠳᠤᠷᠠᠯ ᠤᠨ ᠬᠤᠷᠢᠭ᠎ᠠ ᠱᠤᠭᠤᠮ ᠢ ᠰᠠᠬᠢᠬᠤ ᠶᠢ ᠪᠠᠷᠢᠮᠳᠠᠯᠠᠵᠤ᠂ ᠤᠯᠠᠨ | ᠲᠦᠮᠡᠨ ᠤ ᠵᠤᠯ ᠵᠢᠷᠭᠠᠯ ᠤᠨ ᠵᠢᠭᠠᠯᠳᠠ ᠳᠤᠭ᠎ᠠ ᠶᠢ ᠬᠦᠴᠦᠯᠡᠨ ᠨᠡᠮᠡᠭᠳᠡᠬᠦᠯᠦᠨ᠎ᠡ᠃ ᠡᠯ᠎ᠡ ᠵᠦᠢᠯ ᠤᠨ ᠠᠷᠠᠳ ᠤᠨ | ᠠᠮᠢᠳᠤᠷᠠᠯ ᠤᠨ ᠳᠦᠷᠦ ᠶᠢᠨ ᠪᠤᠳᠤᠯᠭ᠎ᠠ ᠶᠢ ᠪᠦᠬᠦ ᠳᠠᠯ᠎ᠠ ᠪᠠᠷ ᠨᠠᠶᠢᠳᠠᠪᠦᠷᠵᠢᠭᠤᠯᠵᠤ᠂ ᠨᠡᠶᠢᠳᠡᠮ ᠠᠰᠢᠭ ᠬᠦᠷᠳᠡᠬᠡᠬᠦ | ᠴᠢᠨᠠᠷ᠂ ᠰᠠᠭᠤᠷᠢ ᠶᠢᠨ ᠴᠢᠨᠠᠷ᠂ ᠤᠭᠤᠳᠠᠯᠠᠬᠤ ᠴᠢᠨᠠᠷ ᠲᠠᠢ ᠠᠷᠠᠳ ᠤᠨ ᠠᠮᠢᠳᠤᠷᠠᠯ ᠤᠨ ᠪᠦᠲᠦᠭᠡᠨ ᠪᠠᠶᠢᠭᠤᠯᠤᠯᠳᠠ | ᠶᠢ ᠴᠢᠩᠭᠠᠳᠬᠠᠵᠤ᠂ ᠬᠤᠳᠠ ᠪᠠᠯᠭᠠᠰᠤᠨ ᠤ ᠠᠮᠤᠷ ᠲᠦᠪᠰᠢᠨ ᠤᠤᠭᠤᠬᠤ ᠤᠰᠤ᠂ ᠳᠤᠰᠬᠤᠨ ᠳᠤ ᠨᠡᠪᠳᠡᠷᠡᠬᠦ | ᠱᠦᠢᠨᠢ ᠶᠢᠨ ᠵᠠᠮ ᠤᠨ ᠪᠦᠲᠦᠭᠡᠨ ᠪᠠᠶᠢᠭᠤᠯᠤᠯᠳᠠ᠂ ᠬᠠᠭᠤᠴᠢᠨ ᠪᠠᠭ᠎ᠠ ᠳᠤᠭᠤᠷᠢᠭ ᠢ ᠦᠭᠡᠷᠡᠴᠢᠯᠡᠨ ᠳᠡᠰ | ᠳᠡᠪᠰᠢᠬᠦᠯᠬᠦ᠂ ᠰᠢᠨ᠎ᠡ ᠨᠢᠬᠡᠨ ᠡᠬᠡᠯᠵᠢ ᠶᠢᠨ ᠳᠠᠷᠢᠶᠠᠯᠠᠩ ᠤᠨ ᠴᠠᠬᠢᠯᠭᠠᠨ ᠳᠤᠤᠷ ᠢ ᠦᠭᠡᠷᠡᠴᠢᠯᠡᠨ ᠵᠠᠰᠠᠬᠤ᠂ ᠶᠠᠳᠠᠭᠤ | ᠠᠴᠠ ᠠᠩᠵᠢᠷᠠᠭᠤᠯᠬᠤ ᠪᠠᠬᠢᠯᠡᠯᠲᠡ ᠰᠢᠪᠳᠤᠯᠬᠤ᠂ ᠰᠤᠷᠭᠠᠨ ᠬᠦᠮᠦᠵᠢᠯ ᠤᠨ ᠳᠡᠩᠴᠡᠬᠦᠷᠢᠳᠡᠢ ᠬᠦᠭᠵᠢᠯᠲᠡ᠂ | ᠪᠠᠶᠠᠨᠬᠤᠰᠢᠭᠤ ᠪᠠᠯᠭᠠᠰᠤᠨ ᠤ ᠶᠡᠷᠦᠩᠬᠡᠶᠢᠯᠡᠭᠰᠡᠨ ᠦᠭᠡᠷᠡᠴᠢᠯᠡᠨ ᠵᠠᠰᠠᠯᠳᠠ ᠳᠡᠰ ᠳᠡᠪᠰᠢᠬᠦᠯᠬᠦ᠂ ᠰᠤᠶᠤᠯ ᠰᠡᠯᠡᠬᠦᠴᠡᠯ | ᠪᠡᠶ᠎ᠡ ᠪᠠᠨ ᠴᠢᠬᠢᠷᠠᠭᠵᠢᠭᠤᠯᠬᠤ ᠳᠠᠯᠠᠪᠤᠷ ᠤᠷᠳᠤᠨ ᠤ ᠪᠦᠲᠦᠭᠡᠨ ᠪᠠᠶᠢᠭᠤᠯᠤᠯᠳᠠ᠂ ᠤᠨᠴᠠᠯᠢᠭᠲᠦ ᠳᠤᠰᠬᠤᠨ | ᠪᠠᠯᠭᠠᠰᠤ ᠶᠢ ᠪᠤᠢ ᠪᠤᠯᠭᠠᠬᠤ᠂ ᠨᠡᠶᠢᠬᠡᠮ ᠤᠨ ᠪᠠᠳᠤᠯᠠᠭ᠎ᠠ ᠶᠢᠨ ᠦᠢᠯᠡᠴᠢᠯᠡᠬᠡᠨ ᠤ ᠳᠤᠤᠷ ᠴᠡᠭ ᠤᠨ ᠪᠠᠶᠢᠭᠤᠯᠤᠯᠳᠠ | ᠵᠡᠷᠭᠡ ᠨᠢᠬᠡ ᠰᠢᠷᠢᠰ ᠠᠷᠠᠳ ᠤᠨ ᠠᠮᠢᠳᠤᠷᠠᠯ ᠤᠨ ᠢᠨᠵᠧᠨᠧᠷᠢᠩ ᠪᠠ ᠠᠷᠠᠳ ᠤᠨ ᠠᠮᠢᠳᠤᠷᠠᠯ ᠤᠨ ᠳᠦᠷᠦᠯ ᠵᠦᠢᠯ ᠢ | ᠭᠡᠷᠡᠭᠵᠢᠬᠦᠯᠬᠦ ᠪᠠᠷ ᠳᠠᠮᠵᠢᠨ᠂ ᠤᠯᠠᠨ ᠨᠡᠶᠢᠲᠡ ᠶᠢᠨ ᠦᠢᠯᠡᠴᠢᠯᠡᠬᠡᠨ ᠤ ᠳᠡᠩᠴᠡᠬᠦᠷᠢᠰᠢᠯᠲᠡ ᠶᠢ ᠴᠢᠷᠮᠠᠶᠢᠨ | ᠪᠡᠶᠡᠯᠡᠬᠦᠯᠵᠤ᠂ ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠢ ᠨᠡᠮᠡᠭᠳᠡᠬᠦᠯᠦᠨ᠎ᠡ᠃ | ᠨᠡᠶᠢᠬᠡᠮ ᠤᠨ ᠪᠠᠳᠤᠯᠠᠭ᠎ᠠ ᠶᠢᠨ ᠰᠢᠰᠲ᠋ᠧᠮᠵᠢ ᠶᠢ ᠳᠡᠬᠦᠯᠳᠡᠷᠵᠢᠬᠦᠯᠦᠨ᠎ᠡ᠃ ᠠᠵᠢᠯ ᠤᠯᠭᠤᠬᠤ ᠡᠨᠡᠬᠦ ᠠᠷᠠᠳ | ᠤᠨ ᠠᠮᠢᠳᠤᠷᠠᠯ ᠤᠨ ᠦᠨᠳᠦᠰᠦ ᠶᠢ ᠰᠠᠶᠢᠳᠦᠷ ᠠᠳᠬᠤᠵᠤ᠂ ᠠᠵᠢᠯ ᠤᠯᠭᠤᠬᠤ ᠦᠢᠯᠡᠰ ᠪᠤᠰᠬᠠᠬᠤ ᠳᠦᠷᠦ ᠶᠢᠨ | ᠪᠤᠳᠤᠯᠭ᠎ᠠ ᠶᠢ ᠪᠦᠬᠦ ᠳᠠᠯ᠎ᠠ ᠪᠠᠷ ᠳᠤᠤᠱᠯᠠᠭᠤᠯᠤᠨ ᠨᠠᠶᠢᠳᠠᠪᠦᠷᠢᠵᠢᠭᠤᠯᠤᠨ ᠭᠡᠷᠡᠭᠵᠢᠬᠦᠯᠵᠤ᠂ ᠬᠤᠳᠠ ᠪᠠᠯᠭᠠᠰᠤᠨ ᠤ | ᠳᠠᠩᠰᠠᠯᠠᠭᠤᠯᠤᠭᠰᠠᠨ ᠠᠵᠢᠯ ᠠᠯᠳᠠᠭᠰᠠᠨ ᠨᠤᠷᠮ᠎ᠠ ᠶᠢ 3.8% ᠶᠢᠨ ᠳᠤᠳᠤᠷ᠎ᠠ ᠬᠢᠵᠠᠭᠠᠷᠯᠠᠵᠤ᠂ ᠪᠠᠭ᠎ᠠ ᠳᠤᠭᠠᠨ ᠤ | ᠵᠢᠬᠡᠯᠡᠯᠭᠡ ᠶᠢ 2200 ᠲᠦᠮᠡᠨ ᠳᠦᠬᠦᠷᠢᠭ ᠳᠠᠷᠬᠠᠭᠠᠵᠤ᠂ ᠠᠵᠢᠯ ᠤᠯᠭᠤᠬᠤ ᠳᠤ ᠬᠦᠴᠢᠷᠳᠡᠢ 800 ᠬᠦᠮᠦᠨ ᠤ | ᠳᠠᠬᠢᠨ ᠠᠵᠢᠯ ᠤᠯᠭᠤᠬᠤ ᠶᠢ ᠪᠡᠶᠡᠯᠡᠬᠦᠯᠦᠨ᠎ᠡ᠃ ᠤᠯᠤᠰ ᠤᠨ ᠨᠠᠰᠤᠵᠢᠯ ᠤᠨ ᠳᠠᠭᠠᠳᠬᠠᠯ ᠤᠨ ᠳᠦᠷᠢᠮ ᠤᠨ | ᠦᠭᠡᠷᠡᠴᠢᠯᠡᠯᠲᠡ ᠶᠢᠨ ᠳᠦᠰᠦᠯ ᠢ ᠨᠠᠶᠢᠳᠠᠪᠦᠷᠢᠵᠢᠭᠤᠯᠤᠨ᠎ᠠ᠃ ᠨᠠᠰᠤᠵᠢᠯ ᠤᠨ ᠦᠢᠯᠡᠴᠢᠯᠡᠬᠡᠨ ᠤ ᠰᠢᠰᠲ᠋ᠧᠮᠵᠢ ᠶᠢᠨ | ᠪᠠᠶᠢᠭᠤᠯᠤᠯᠳᠠ ᠶᠢ ᠴᠢᠩᠭᠠᠳᠬᠠᠵᠤ᠂ ᠴᠢᠳᠠᠬᠤ ᠶᠢᠨ ᠬᠢᠷᠢ ᠪᠠᠷ 160 ᠤᠷᠤ ᠲᠠᠢ ᠬᠤᠰᠢᠭᠤᠨ ᠤ ᠭᠤᠤᠯ ᠨᠠᠰᠤᠳᠠᠨ | ᠢ ᠠᠰᠠᠷᠠᠬᠤ ᠬᠦᠷᠢᠶᠡᠯᠡᠩ ᠤᠨ ᠢᠨᠵᠧᠨᠧᠷᠢᠩ ᠢ ᠠᠵᠢᠯ ᠡᠬᠢᠯᠡᠬᠦᠯᠦᠨ ᠪᠦᠲᠦᠭᠡᠨ ᠪᠠᠶᠢᠭᠤᠯᠵᠤ᠂ ᠠᠷᠠᠳ ᠠᠴᠠ | ᠡᠷᠬᠢᠯᠡᠬᠦ ᠬᠡᠯᠪᠡᠷᠢ ᠪᠠᠷ 200 ᠤᠷᠤ ᠲᠠᠢ ᠦᠨᠳᠦᠷ ᠪᠠᠷᠢᠮᠵᠢᠶ᠎ᠠ ᠲᠠᠢ ᠡᠮᠨᠡᠨ ᠠᠰᠠᠷᠠᠬᠤ ᠶᠢ ᠤᠶᠠᠯᠳᠤᠭᠤᠯᠤᠭᠰᠠᠨ | ᠠᠰᠠᠷᠠᠨ ᠬᠠᠮᠠᠭᠠᠯᠠᠬᠤ ᠬᠦᠷᠢᠶᠡᠯᠡᠩ ᠢ ᠳᠦᠯᠦᠪᠯᠡᠨ ᠪᠦᠲᠦᠭᠡᠨ ᠪᠠᠶᠢᠭᠤᠯᠤᠨ᠎ᠠ᠃ ᠨᠢᠬᠡᠲᠦᠯᠲᠡᠢ ᠬᠤᠳᠠ ᠬᠦᠳᠡᠭᠡ ᠶᠢᠨ | ᠰᠠᠭᠤᠭᠠᠯᠢ ᠠᠷᠠᠳ ᠤᠨ ᠡᠮ ᠡᠮᠨᠡᠯᠭᠡ ᠶᠢᠨ ᠳᠠᠭᠠᠳᠬᠠᠯ ᠤᠨ ᠳᠦᠷᠢᠮ ᠢ ᠠᠬᠢᠭᠤᠯᠵᠤ᠂ ᠡᠳ᠋ ᠤᠨ ᠵᠠᠰᠠᠭ ᠤᠨ | ᠨᠦᠬᠦᠪᠦᠷᠢ ᠶᠢᠨ ᠪᠠᠷᠢᠮᠵᠢᠶ᠎ᠠ ᠶᠢ ᠳᠡᠭᠡᠭᠰᠢᠯᠡᠬᠦᠯᠦᠨ᠎ᠡ᠃ ᠦᠨᠳᠦᠰᠦᠨ ᠡᠮ ᠡᠮᠨᠡᠯᠭᠡ ᠶᠢᠨ ᠳᠠᠭᠠᠳᠬᠠᠯ᠂ ᠬᠦᠨᠳᠦ | ᠡᠪᠡᠳᠴᠢᠨ ᠤ ᠳᠠᠭᠠᠳᠬᠠᠯ᠂ ᠡᠮ ᠡᠮᠨᠡᠯᠭᠡ ᠶᠢᠨ ᠠᠪᠤᠷᠠᠨ ᠳᠤᠰᠠᠯᠠᠬᠤ ᠵᠡᠷᠭᠡ ᠳᠦᠷᠢᠮ ᠢ ᠪᠦᠲᠦᠮᠵᠢᠲᠡᠢ ᠨᠡᠶᠢᠯᠡᠯᠲᠡ | ᠬᠢᠵᠤ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠪᠤᠰᠤᠳ ᠭᠠᠵᠠᠷ ᠡᠮᠨᠡᠨ ᠵᠠᠰᠠᠭᠤᠯᠬᠤ ᠳᠤ ᠰᠢᠭᠤᠳ ᠳ᠋ᠦᠩᠨᠡᠨ | ᠪᠤᠳᠤᠯᠳᠠ ᠬᠢᠬᠦ ᠶᠢ ᠪᠡᠶᠡᠯᠡᠬᠦᠯᠦᠨ᠎ᠡ᠃ ᠦᠪᠡᠷᠲᠡᠭᠡᠨ ᠵᠠᠰᠠᠬᠤ ᠤᠷᠤᠨ ᠤ ᠨᠡᠶᠢᠭᠡᠮ ᠤᠨ ᠪᠠᠳᠤᠯᠠᠭ᠎ᠠ ᠶᠢᠨ ᠺᠠᠷᠲ ᠤᠨ | ᠳᠤᠷᠰᠢᠯᠳᠠ ᠶᠢᠨ ᠴᠡᠭ ᠤᠨ ᠳᠦᠷᠦᠯ ᠵᠦᠢᠯ ᠢ ᠭᠡᠷᠡᠭᠵᠢᠬᠦᠯᠵᠤ᠂ 173 ᠭᠠᠴᠠᠭ᠎ᠠ ᠶᠢ ᠰᠠᠴᠤᠷᠠᠭᠰᠠᠨ | ᠦᠢᠯᠡᠴᠢᠯᠡᠭᠡᠨ ᠤ ᠳᠤᠤᠷ ᠴᠡᠭ ᠢ ᠪᠠᠶᠢᠭᠤᠯᠤᠨ᠎ᠠ᠃ ᠳᠤᠭ᠎ᠠ ᠪᠠᠷᠢᠮᠳᠠ ᠳᠤᠭ᠎ᠠ ᠪᠦᠷᠢᠳᠭᠡᠯ ᠤᠨ ᠵᠠᠳᠠᠯᠤᠨ | ᠰᠤᠳᠤᠯᠤᠯᠳᠠ ᠶᠢ ᠴᠢᠩᠭᠠᠳᠬᠠᠨ ᠴᠢᠬᠤᠯᠠᠴᠢᠯᠠᠵᠤ᠂ ᠪᠦᠬᠦ ᠬᠤᠰᠢᠭᠤᠨ ᠤ ᠠᠵᠤ ᠠᠬᠤᠢ ᠨᠡᠶᠢᠬᠡᠮ ᠤᠨ ᠬᠦᠭᠵᠢᠯᠲᠡ | ᠳᠤ ᠰᠢᠯᠢᠳᠡᠭ᠂ ᠢᠳᠡᠭᠡᠯᠳᠡᠢ ᠳᠤᠭ᠎ᠠ ᠪᠠᠷᠢᠮᠳᠠ ᠶᠢᠨ ᠳᠡᠮᠵᠢᠯᠬᠡ ᠶᠢ ᠬᠠᠩᠭᠠᠨ᠎ᠠ᠃ ᠵᠡᠮᠳᠡᠭᠴᠣᠳ᠂ ᠨᠠᠰᠤᠳᠠᠶᠢᠴᠤᠳ | ᠂ ᠵᠠᠯᠠᠭᠤᠴᠤᠳ ᠪᠠᠭᠠᠴᠤᠳ᠂ ᠡᠮᠡᠭᠳᠡᠶᠢᠴᠤᠳ ᠬᠡᠤᠭᠡᠳ ᠤᠨ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ | ᠠᠷᠠᠳ ᠤᠨ ᠠᠭᠠᠷ ᠤᠨ ᠬᠠᠮᠠᠭᠠᠯᠠᠯᠳᠠ᠂ ᠳᠠᠩᠰᠠ ᠡᠪᠬᠡᠮᠡᠯ᠂ ᠤᠶᠢᠯᠠᠯᠭ᠎ᠠ᠂ ᠠᠵᠢᠯᠴᠢᠨ ᠤ ᠶᠡᠷᠦᠩᠬᠡᠢ ᠡᠪᠯᠡᠯ᠂ | ᠤᠯᠠᠭᠠᠨ ᠵᠠᠭᠠᠶᠢᠯᠮᠠᠶᠢᠳᠠᠨ᠂ ᠰᠢᠨᠵᠢᠯᠡᠭᠡ ᠮᠡᠷᠭᠡᠵᠢᠯ ᠤᠨ ᠨᠡᠶᠢᠬᠡᠮᠯᠢᠭ ᠵᠡᠷᠭᠡ ᠡᠯ᠎ᠡ ᠵᠦᠢᠯ ᠤᠨ ᠠᠵᠢᠯ ᠦᠢᠯᠡᠰ ᠤᠨ | ᠳᠠᠬᠢᠨ ᠰᠢᠨ᠎ᠡ ᠱᠠᠳᠤᠨ ᠳᠤ ᠭᠠᠷᠬᠤ ᠶᠢ ᠳᠦᠷᠭᠡᠳᠭᠡᠨ᠎ᠡ᠃ | ᠰᠤᠷᠭᠠᠨ ᠬᠦᠮᠦᠵᠢᠯ ᠤᠨ ᠠᠵᠢᠯ ᠦᠢᠯᠡᠰ ᠢ ᠳᠡᠷᠢᠬᠦᠨ ᠳᠤ ᠬᠦᠭᠵᠢᠬᠦᠯᠦᠨ᠎ᠡ᠃ ᠰᠤᠷᠭᠠᠨ ᠬᠦᠮᠦᠵᠢᠯ ᠤᠨ | ᠭᠤᠤᠯᠳᠠᠯᠭ᠎ᠠ ᠲᠠᠢ ᠳᠦᠷᠦᠯ ᠵᠦᠢᠯ ᠤᠨ ᠪᠦᠲᠦᠭᠡᠨ ᠪᠠᠶᠢᠭᠤᠯᠤᠯᠳᠠ ᠶᠢ ᠠᠬᠢᠭᠤᠯᠵᠤ᠂ ᠶᠡᠷᠦᠩᠬᠡᠢ ᠪᠠᠷᠢᠯᠭ᠎ᠠ ᠶᠢᠨ | ᠳᠠᠯᠠᠪᠠᠢ ᠨᠢ 1.98 ᠲᠦᠮᠡᠨ ᠳᠡᠭᠰᠢ ᠳᠦᠷᠪᠡᠯᠵᠢᠨ ᠮᠧᠲᠷ ᠤᠨ ᠪᠠᠷᠠᠭᠤᠨ ᠳᠠᠪᠢᠨ ᠵᠡᠷᠭᠡ 8 ᠰᠠᠭᠤᠷᠢ ᠰᠤᠷᠭᠠᠭᠤᠯᠢ | ᠶᠢᠨ ᠭᠠᠭᠴᠠ ᠴᠤᠭᠴᠠ ᠶᠢᠨ 8 ᠮᠦᠷ ᠠᠰᠠᠷ ᠤᠨ ᠪᠠᠷᠢᠯᠭ᠎ᠠ ᠶᠢᠨ ᠢᠨᠵᠧᠨᠧᠷᠢᠩ ᠢ ᠪᠦᠲᠦᠭᠡᠨ ᠪᠠᠶᠢᠭᠤᠯᠤᠨ᠎ᠠ᠃ | ᠪᠠᠶᠠᠨᠬᠤᠰᠢᠭᠤ ᠨᠢᠬᠡᠳᠦᠭᠡᠷ ᠪᠠᠭ᠎ᠠ ᠰᠤᠷᠭᠠᠭᠤᠯᠢ ᠶᠢᠨ ᠰᠢᠨ᠎ᠡ ᠰᠠᠭᠤᠴᠠ ᠶᠢᠨ ᠳᠦᠯᠦᠪᠵᠢᠬᠦᠯᠬᠡ ᠶᠢᠨ ᠵᠢᠷᠤᠭ | ᠳᠦᠯᠦᠪᠯᠡᠭᠡ ᠪᠠ ᠪᠦᠲᠦᠭᠡᠨ ᠪᠠᠶᠢᠭᠤᠯᠤᠯᠳᠠ ᠶᠢ ᠰᠠᠶᠢᠳᠦᠷ ᠬᠢᠨ᠎ᠡ᠃ ᠵᠠᠯᠠᠭᠤᠴᠤᠳ ᠪᠠᠭᠠᠴᠤᠳ ᠤᠨ ᠳᠦᠪ ᠤᠨ | ᠳᠦᠷᠦᠯ ᠵᠦᠢᠯ ᠢ ᠳᠡᠮᠡᠴᠡᠨ ᠤᠯᠬᠤ ᠪᠠ ᠳᠦᠯᠦᠪᠵᠢᠬᠦᠯᠬᠡ ᠶᠢ ᠵᠢᠷᠤᠨ ᠳᠦᠯᠦᠪᠯᠡᠬᠦ ᠠᠵᠢᠯ ᠢ ᠡᠬᠢᠯᠡᠬᠦᠯᠦᠨ᠎ᠡ᠃ | ᠰᠤᠷᠭᠠᠨ ᠬᠦᠮᠦᠵᠢᠯ ᠤᠨ ᠪᠡᠯᠡ ᠤᠷᠤᠭᠤᠯᠤᠯᠳᠠ ᠶᠢᠨ ᠬᠦᠴᠦᠯᠡᠴᠡ ᠪᠠᠨ ᠨᠡᠮᠡᠭᠳᠡᠬᠦᠯᠵᠤ᠂ ᠰᠤᠷᠭᠠᠭᠤᠯᠢ ᠡᠷᠬᠢᠯᠡᠬᠦ | ᠨᠦᠬᠦᠴᠡᠯ ᠢ ᠰᠠᠶᠢᠵᠢᠷᠠᠭᠤᠯᠤᠨ᠂ ᠤᠯᠤᠰ ᠤᠨ ᠠᠯᠪᠠᠨ ᠵᠢᠷᠥᠮ ᠤᠨ ᠰᠤᠷᠭᠠᠨ ᠬᠦᠮᠦᠵᠢᠯ ᠤᠨ ᠳᠡᠩᠴᠡᠬᠦᠷᠢᠲᠡᠢ | ᠬᠦᠭᠵᠢᠯᠲᠡ ᠶᠢᠨ ᠦᠨᠡᠯᠡᠯᠲᠡ ᠶᠢᠨ ᠰᠢᠯᠭᠠᠨ ᠬᠤᠷᠢᠶᠠᠯᠳᠠ ᠶᠢ ᠤᠷᠤᠭᠰᠢᠳᠠᠢ ᠦᠩᠭᠡᠷᠡᠭᠡᠬᠦ ᠶᠢ ᠪᠠᠳᠤᠯᠠᠨ᠎ᠠ᠃ | ᠰᠤᠷᠠᠭ ᠵᠠᠩᠬᠢᠵᠢᠯᠲᠠ ᠬᠢᠭᠡᠳ ᠰᠤᠷᠭᠠᠨ ᠬᠦᠮᠦᠵᠢᠯ ᠤᠨ ᠵᠢᠭᠠᠨ ᠰᠤᠷᠭᠠᠯᠳᠠ ᠶᠢᠨ ᠠᠭᠤᠰᠤᠯᠴᠠᠯ ᠢ ᠪᠦᠬᠦ ᠳᠠᠯ᠎ᠠ ᠪᠠᠷ | ᠠᠬᠢᠭᠤᠯᠵᠤ᠂ ︽ᠭᠤᠷᠪᠠ ᠶᠢ ᠨᠡᠪᠳᠡᠷᠡᠬᠦᠯᠬᠦ ᠬᠤᠶᠠᠷ ᠦᠢᠯᠡᠴᠢᠯᠡᠬᠡᠨ ᠤ ᠳᠠᠪᠴᠠᠩ︾ ᠤᠨ ᠪᠠᠶᠢᠭᠤᠯᠤᠯᠳᠠ ᠶᠢ | ᠢᠳᠡᠪᠬᠢᠲᠡᠢ ᠭᠡᠷᠡᠭᠵᠢᠬᠦᠯᠦᠨ᠎ᠡ᠃ ᠡᠩ ᠤᠨ ᠦᠨᠳᠦᠷ ᠳᠤᠮᠳᠠᠳᠤ ᠰᠤᠷᠭᠠᠭᠤᠯᠢ ᠶᠢᠨ ᠰᠢᠯᠢᠳᠡᠭ ᠤᠨᠴᠠᠯᠢᠭᠲᠦ ᠤᠯᠠᠨ | ᠳᠠᠯ᠎ᠠ ᠶᠢᠨ ᠬᠦᠭᠵᠢᠯᠲᠡ ᠶᠢ ᠠᠬᠢᠭᠤᠯᠵᠤ᠂ ᠤᠯᠤᠰ ᠤᠨ ᠰᠢᠯᠭᠠᠯᠳᠠ ᠶᠢᠨ ᠦᠭᠡᠷᠡᠴᠢᠯᠡᠯᠲᠡ ᠶᠢᠨ ᠱᠠᠭᠠᠷᠳᠠᠯᠭ᠎ᠠ ᠶᠢ | ᠳᠠᠭᠠᠵᠤ᠂ ᠦᠨᠳᠦᠷ ᠳᠤᠮᠳᠠᠳᠤ ᠶᠢᠨ ᠬᠢᠴᠢᠶᠡᠯ ᠲᠦᠷᠦᠯ ᠤᠨ ᠦᠭᠡᠷᠡᠴᠢᠯᠡᠯᠲᠡ ᠶᠢ ᠬᠦᠨᠵᠡᠬᠡᠶᠢᠷᠡᠬᠦᠯᠦᠨ᠎ᠡ᠃ ᠤᠳᠤ | ᠦᠶ᠎ᠡ ᠶᠢᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠢᠰᠲ᠋ᠧᠮᠵᠢ ᠶᠢ ᠢᠳᠡᠪᠬᠢᠲᠡᠢ ᠪᠠᠶᠢᠭᠤᠯᠵᠤ᠂ ᠠᠭᠠᠵᠢᠮ | ᠢᠶᠠᠷ ᠰᠤᠷᠤᠭᠴᠢ ᠡᠯᠰᠡᠬᠦ ᠬᠢᠭᠡᠳ ᠠᠵᠢᠯᠳᠠᠨ ᠤᠷᠢᠬᠤ᠂ ᠪᠤᠯᠪᠠᠰᠤᠷᠠᠭᠤᠯᠤᠯ ᠬᠦᠷᠳᠡᠭᠡᠬᠦ ᠬᠢᠭᠡᠳ ᠠᠵᠢᠯ ᠤᠯᠭᠤᠬᠤ | ᠨᠢᠬᠡ ᠴᠤᠭᠴᠠᠵᠢᠭᠤᠯᠤᠯᠳᠠ ᠶᠢ ᠪᠡᠶᠡᠯᠡᠬᠦᠯᠦᠨ᠎ᠡ᠃ | ᠡᠷᠡᠬᠦᠯ ᠡᠩᠬᠡ ᠳᠤᠮᠳᠠᠳᠤ ᠬᠤᠰᠢᠭᠤᠨ ᠤ ᠪᠦᠲᠦᠭᠡᠨ ᠪᠠᠶᠢᠭᠤᠯᠤᠯᠳᠠ ᠶᠢ ᠠᠬᠢᠭᠤᠯᠤᠨ᠎ᠠ᠃ ᠡᠮᠨᠡᠨ ᠵᠠᠰᠠᠬᠤ᠂ | ᠡᠮ ᠡᠮᠨᠡᠯᠭᠡ᠂ ᠡᠮ ᠡᠮᠨᠡᠯᠭᠡ ᠶᠢᠨ ᠳᠠᠭᠠᠳᠬᠠᠯ ᠤᠨ ︽ᠭᠤᠷᠪᠠᠨ ᠡᠮᠨᠡᠯᠭᠡ ᠶᠢᠨ ᠬᠠᠷᠢᠯᠴᠠᠨ ᠬᠦᠳᠡᠯᠦᠯᠴᠡᠬᠦ︾ ᠶᠢ | ᠪᠠᠷᠢᠮᠳᠠᠯᠠᠵᠤ᠂ ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠬᠤᠷᠢᠶᠠᠨ ᠤ ᠶᠡᠷᠦᠩᠬᠡᠶᠢᠯᠡᠭᠰᠡᠨ ᠦᠭᠡᠷᠡᠴᠢᠯᠡᠯᠲᠡ ᠶᠢ | ᠬᠦᠨᠵᠡᠬᠡᠶᠢᠷᠡᠬᠦᠯᠦᠨ᠎ᠡ᠃ ᠳᠦᠯᠦᠪᠯᠡᠬᠡᠲᠦ ᠦᠷᠡᠵᠢᠯ ᠤᠨ ᠦᠢᠯᠡᠴᠢᠯᠡᠬᠡᠨ ᠤ ᠬᠠᠮᠢᠶᠠᠷᠤᠯᠳᠠ ᠶᠢᠨ ᠦᠭᠡᠷᠡᠴᠢᠯᠡᠯᠲᠡ ᠶᠢ | ᠠᠬᠢᠭᠤᠯᠵᠤ᠂ ᠦᠷᠡᠵᠢᠯ ᠤᠨ ᠪᠦᠬᠦ ᠶᠠᠪᠤᠴᠠ ᠶᠢᠨ ᠦᠢᠯᠡᠴᠢᠯᠡᠬᠡᠨ ᠤ ᠬᠠᠮᠢᠶᠠᠷᠤᠯᠳᠠ ᠶᠢ ᠰᠢᠯᠢᠳᠡᠭᠵᠢᠬᠦᠯᠦᠨ᠎ᠡ᠃ | ᠤᠯᠠᠨ ᠨᠡᠶᠢᠲᠡ ᠶᠢᠨ ᠡᠷᠡᠬᠦᠯ ᠬᠠᠮᠠᠭᠠᠯᠠᠯ ᠪᠠ ᠴᠢᠬᠤᠯᠠ ᠶᠡᠭᠡ ᠬᠢᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ ᠠᠵᠢᠯ ᠢ | ᠰᠠᠶᠢᠳᠦᠷ ᠬᠢᠨ᠎ᠡ᠃ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠤ ᠡᠬᠦᠳᠡᠨ ᠡᠮᠨᠡᠯᠭᠡ᠂ ᠡᠮ ᠨᠠᠶᠢᠷᠠᠭᠤᠯᠬᠤ | ᠠᠰᠠᠷ ᠪᠠ ᠶᠠᠳᠠᠭᠤ ᠶᠢ ᠳᠡᠳᠬᠦᠬᠦ ᠡᠮᠨᠡᠯᠭᠡ ᠶᠢᠨ ᠬᠤᠷᠢᠶᠠᠨ ᠤ ᠶᠡᠷᠦᠩᠬᠡᠶᠢᠯᠡᠭᠰᠡᠨ ᠠᠰᠠᠷ ᠤᠨ ᠪᠦᠲᠦᠭᠡᠨ | ᠪᠠᠶᠢᠭᠤᠯᠤᠯᠳᠠ ᠶᠢᠨ ᠳᠦᠷᠦᠯ ᠵᠦᠢᠯ ᠢ ᠡᠬᠢᠯᠡᠬᠦᠯᠦᠨ ᠬᠡᠷᠡᠭᠵᠢᠬᠦᠯᠦᠨ᠎ᠡ᠃ ᠳᠠᠶᠢᠴᠢᠨᠳᠠᠯᠠ ᠵᠡᠷᠭᠡ 5 ᠰᠠᠭᠤᠷᠢ ᠡᠷᠡᠬᠦᠯ | ᠬᠠᠮᠠᠭᠠᠯᠠᠯ ᠤᠨ ᠬᠤᠷᠢᠶ᠎ᠠ ᠶᠢᠨ ᠶᠡᠷᠦᠩᠬᠡᠶᠢᠯᠡᠭᠰᠡᠨ ᠠᠰᠠᠷ ᠤᠨ ᠪᠦᠲᠦᠭᠡᠨ ᠪᠠᠶᠢᠭᠤᠯᠤᠯᠳᠠ ᠶᠢᠨ ᠳᠦᠷᠦᠯ ᠵᠦᠢᠯ ᠢ | ᠰᠠᠶᠢᠳᠦᠷ ᠭᠡᠷᠡᠭᠵᠢᠬᠦᠯᠦᠨ᠎ᠡ᠃ ᠰᠤᠮᠤ ᠪᠠᠯᠭᠠᠰᠤᠨ ᠤ ᠡᠷᠡᠬᠦᠯ ᠬᠠᠮᠠᠭᠠᠯᠠᠯ ᠤᠨ ᠬᠤᠷᠢᠶᠠᠨ ᠤ ᠬᠢᠷᠢ ᠪᠦᠲᠦᠮᠵᠢ ᠶᠢᠨ | ᠴᠠᠯᠢᠩ ᠤᠨ ᠳᠦᠷᠢᠮ ᠪᠠ ᠬᠤᠷᠢᠶᠠᠨ ᠳᠠᠷᠤᠭ᠎ᠠ ᠶᠢᠨ ᠳᠤᠰᠢᠶᠠᠯ ᠤᠨ ᠬᠤᠭᠤᠴᠠᠭᠠᠨ ᠤ ᠬᠢᠷᠢ ᠪᠦᠲᠦᠮᠵᠢ ᠶᠢ ᠰᠢᠯᠭᠠᠨ | ᠳᠤᠭᠳᠠᠭᠠᠬᠤ ᠳᠦᠷᠢᠮ ᠢ ᠪᠦᠬᠦ ᠳᠠᠯ᠎ᠠ ᠪᠠᠷ ᠦᠷᠨᠢᠬᠦᠯᠦᠨ᠎ᠡ᠃ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠬᠢᠭᠡᠳ | ᠪᠦᠬᠦ ᠠᠷᠠᠳ ᠤᠨ ᠡᠷᠡᠬᠦᠯ ᠡᠩᠭᠡ ᠶᠢᠨ ᠠᠭᠤᠰᠤᠯᠴᠠᠯ ᠢ ᠳᠦᠷᠭᠡᠳᠭᠡᠵᠤ᠂ ᠴᠢᠳᠠᠬᠤ ᠶᠢᠨ ᠬᠢᠷᠢ ᠪᠠᠷ ᠳᠦᠷᠭᠡᠨ | ᠳᠠᠰᠢᠯᠳᠠ ᠶᠢᠨ ᠤᠷᠳᠤᠨ᠂ ᠤᠯᠠᠨ ᠨᠡᠶᠢᠲᠡ ᠶᠢᠨ ᠪᠡᠶ᠎ᠡ ᠳᠠᠮᠢᠷ ᠤᠨ ᠳᠠᠯᠠᠪᠤᠷ᠂ ᠪᠦᠬᠦ ᠠᠷᠠᠳ ᠤᠨ ᠪᠡᠶ᠎ᠡ | ᠴᠠᠬᠢᠷᠠᠭᠵᠢᠭᠤᠯᠬᠤ ᠶᠡᠷᠦᠩᠬᠡᠶᠢᠯᠡᠭᠰᠡᠨ ᠤᠷᠳᠤᠨ᠂ ᠬᠤᠤᠯᠢᠨ ᠭᠤᠤᠯ ᠤᠨ ᠬᠠᠰᠢᠯᠭ᠎ᠠ ᠶᠢᠨ ᠪᠡᠶ᠎ᠡ ᠴᠢᠬᠢᠷᠠᠭᠵᠢᠭᠤᠯᠬᠤ | ᠤᠷᠳᠤ ᠬᠤᠩᠬᠢᠯ ᠵᠡᠷᠭᠡ ᠳᠦᠷᠦᠯ ᠵᠦᠢᠯ ᠢ ᠠᠵᠢᠯ ᠡᠬᠢᠯᠡᠬᠦᠯᠦᠨ ᠪᠦᠲᠦᠭᠡᠨ ᠪᠠᠶᠢᠭᠤᠯᠤᠨ᠎ᠠ᠃ 1 —2 ᠰᠤᠮᠤ | ᠪᠠᠯᠭᠠᠰᠤᠨ ᠤ ᠰᠠᠭᠤᠭ᠎ᠠ ᠭᠠᠵᠠᠷ ᠲᠤ ᠪᠠᠭ᠎ᠠ ᠬᠡᠯᠪᠡᠷᠢ ᠶᠢᠨ ᠪᠡᠶ᠎ᠡ ᠴᠢᠬᠢᠷᠠᠭᠵᠢᠭᠤᠯᠬᠤ ᠳᠦᠪ ᠤᠨ ᠳᠦᠷᠦᠯ ᠵᠦᠢᠯ ᠢ | ᠳᠡᠮᠡᠴᠡᠨ ᠤᠯᠵᠤ ᠦᠭᠴᠦ᠂ 20 ᠭᠠᠴᠠᠭ᠎ᠠ ᠳᠤ ᠪᠡᠶ᠎ᠡ ᠴᠢᠬᠢᠷᠠᠭᠵᠢᠭᠤᠯᠬᠤ ᠵᠦᠢᠯ ᠢ ᠤᠭᠰᠠᠷᠠᠭᠤᠯᠤᠨ᠎ᠠ᠃ | ᠰᠤᠶᠤᠯ ᠤᠨ ᠠᠷᠠᠳ ᠲᠤ ᠠᠰᠢᠭ ᠬᠦᠷᠳᠡᠭᠡᠬᠦ ᠢᠨᠵᠧᠨᠧᠷᠢᠩ ᠢ ᠭᠡᠷᠡᠭᠵᠢᠬᠦᠯᠦᠨ᠎ᠡ᠃ ᠤᠯᠠᠨ ᠨᠡᠶᠢᠲᠡ ᠶᠢᠨ | ᠰᠤᠶᠤᠯ ᠤᠨ ᠦᠢᠯᠡᠴᠢᠯᠡᠬᠡᠨ ᠤ ᠰᠢᠰᠲ᠋ᠧᠮᠵᠢ ᠶᠢᠨ ᠪᠠᠶᠢᠭᠤᠯᠤᠯᠳᠠ ᠶᠢ ᠴᠢᠩᠭᠠᠳᠬᠠᠵᠤ᠂ ᠤᠯᠠᠨ ᠨᠡᠶᠢᠲᠡ ᠶᠢᠨ | ᠦᠢᠯᠡᠴᠢᠯᠡᠬᠡᠨ ᠤ ᠳᠡᠩᠴᠡᠬᠦᠷᠢᠰᠢᠯᠳᠡ᠂ ᠪᠠᠷᠢᠮᠵᠢᠶᠠᠵᠢᠯᠳᠠ ᠶᠢ ᠠᠬᠢᠭᠤᠯᠤᠨ᠎ᠠ᠃ ᠨᠤᠮ ᠤᠨ ᠰᠠᠩ ᠢ ︽ᠤᠯᠤᠰ ᠤᠨ | ᠨᠢᠬᠡᠳᠦᠭᠡᠷ ᠳᠡᠰ ᠤᠨ ᠤᠷᠳᠤᠨ︾ ᠢᠶᠠᠷ ᠦᠨᠡᠯᠡᠨ ᠬᠢᠨᠠᠭᠤᠯᠬᠤ ᠰᠢᠯᠭᠠᠨ ᠬᠤᠷᠢᠶᠠᠯᠳᠠ ᠶᠢ ᠤᠭᠳᠤᠬᠤ ᠠᠵᠢᠯ ᠢ | ᠰᠠᠶᠢᠳᠦᠷ ᠬᠢᠵᠤ᠂ ︽ᠬᠤᠷᠴᠢᠨ ᠤ ᠪᠢᠴᠢᠯᠭᠡ ᠵᠢᠷᠤᠭ ᠭᠡᠷᠡᠯ ᠵᠢᠷᠤᠭ ᠳᠤᠭᠤᠷᠢᠨ ᠵᠢᠷᠤᠬᠤ ᠰᠠᠭᠤᠷᠢᠨ︾ ᠤ ᠳᠦᠷᠦᠯ | ᠵᠦᠢᠯ ᠢ ᠢᠳᠡᠪᠬᠢᠲᠡᠢ ᠭᠤᠶᠤᠴᠢᠯᠠᠨ ᠮᠡᠳᠡᠬᠦᠯᠦᠨ᠎ᠡ᠃ ᠦᠨᠳᠦᠰᠦᠳᠡᠨ ᠤ ᠰᠤᠶᠤᠯ ᠢ ᠵᠠᠯᠭᠠᠮᠵᠢᠯᠠᠨ ᠬᠠᠮᠠᠭᠠᠯᠠᠬᠤ ᠶᠢ | ᠴᠢᠩᠭᠠᠳᠬᠠᠵᠤ᠂ ᠳᠠᠯ᠎ᠠ ᠨᠤᠳᠤᠭ ᠤᠨ ᠰᠤᠶᠤᠯ ᠤᠨ ᠰᠢᠨ᠎ᠡ ᠶᠢ ᠡᠬᠦᠳᠦᠨ ᠬᠦᠭᠵᠢᠬᠦ ᠶᠢ ᠠᠬᠢᠭᠤᠯᠤᠨ᠎ᠠ᠃ ᠦᠨᠳᠦᠷ | ᠪᠠᠷᠢᠮᠵᠢᠶ᠎ᠠ ᠪᠠᠷ ᠦᠯᠢᠬᠡᠷ ᠤᠨ ᠲᠢᠩᠬᠢᠮ ᠤᠨ ᠪᠦᠲᠦᠭᠡᠨ ᠪᠠᠶᠢᠭᠤᠯᠤᠯᠳᠠ ᠶᠢ ᠳᠠᠭᠤᠰᠬᠠᠵᠤ᠂ ᠤᠷᠤᠨ᠂ ᠠᠶᠢᠮᠠᠭ᠂ | ᠬᠤᠰᠢᠭᠤᠨ ᠤ ᠳᠡᠰ ᠤᠨ ᠦᠯᠢᠬᠡᠷ ᠢ ᠰᠢᠩᠭᠡᠭᠡᠨ ᠦᠢᠯᠡᠳᠬᠦ ᠰᠠᠭᠤᠷᠢᠨ ᠢ ᠪᠤᠢ ᠪᠤᠯᠭᠠᠨ᠎ᠠ᠃ ᠷᠠᠳᠢᠣ᠋ ᠲᠧᠯᠸᠢᠰ ᠤᠨ | ᠬᠤᠷᠢᠶ᠎ᠠ ᠶᠢᠨ ᠦᠢᠯᠡᠳᠦᠨ ᠨᠡᠪᠳᠡᠷᠡᠬᠦᠯᠬᠦ ᠳᠦᠬᠦᠭᠡᠷᠦᠮᠵᠢ ᠶᠢᠨ ᠳᠤᠭᠠᠴᠢᠯᠠᠭᠰᠠᠨ ᠦᠭᠡᠷᠡᠴᠢᠯᠡᠨ ᠵᠠᠰᠠᠯᠳᠠ ᠶᠢ | ᠪᠡᠶᠡᠯᠡᠬᠦᠯᠦᠨ᠎ᠡ᠃ ᠮᠠᠯᠵᠢᠬᠤ ᠳᠠᠷᠢᠶᠠᠯᠠᠬᠤ ᠤᠷᠤᠨ ᠳᠤ ᠨᠡᠶᠢᠲᠡ ᠶᠢᠨ ᠠᠰᠠᠷᠠᠮᠵᠢ ᠶᠢᠨ ᠺᠢᠨᠣ᠋ ᠶᠢ 2028 ᠳᠠᠯᠠᠪᠤᠷ | ᠤᠳᠠᠭ᠎ᠠ ᠳᠠᠯᠪᠢᠨ᠎ᠠ᠃ ᠦᠨᠳᠦᠰᠦᠳᠡᠨ ᠤ ᠰᠤᠶᠤᠯ ᠤᠨ ᠠᠵᠤ ᠦᠢᠯᠡᠰ ᠤᠨ ᠳᠤᠭᠤᠷᠢᠭ ᠤᠨ ᠳᠦᠷᠦᠯ ᠵᠦᠢᠯ ᠤᠨ | ᠭᠠᠵᠠᠷ ᠰᠤᠩᠭᠤᠬᠤ ᠬᠢᠭᠡᠳ ᠪᠡᠯᠡᠳᠭᠡᠨ ᠪᠠᠶᠢᠭᠤᠯᠬᠤ ᠠᠵᠢᠯ ᠢ ᠠᠬᠢᠭᠤᠯᠵᠤ᠂ ᠤᠯᠤᠰ ᠤᠨ ᠳᠡᠰ ᠤᠨ ᠪᠤᠳᠠᠰ ᠤᠨ | ᠪᠤᠰᠤ ᠰᠤᠶᠤᠯ ᠤᠨ ᠵᠠᠯᠭᠠᠮᠵᠢᠯᠠᠭᠴᠢ ᠶᠢ ᠭᠤᠶᠤᠴᠢᠯᠠᠨ ᠮᠡᠳᠡᠬᠦᠯᠬᠦ ᠠᠵᠢᠯ ᠢ ᠢᠳᠡᠪᠬᠢᠲᠡᠢ ᠦᠷᠨᠢᠬᠦᠯᠦᠨ᠎ᠡ᠃ | ᠠᠮᠤᠷ ᠳᠠᠶᠢᠪᠤᠩ ᠳᠤᠮᠳᠠᠳᠤ ᠬᠤᠰᠢᠭᠤᠨ ᠤ ᠪᠦᠲᠦᠭᠡᠨ ᠪᠠᠶᠢᠭᠤᠯᠤᠯᠳᠠ ᠶᠢ ᠴᠢᠩᠭᠠᠳᠬᠠᠨ᠎ᠠ᠃ ᠠᠶᠤᠯᠬᠦᠢ | ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠳᠦᠷᠢᠮ ᠢ ᠴᠢᠩᠭ᠎ᠠ ᠨᠠᠶᠢᠳᠠᠪᠦᠷᠢᠵᠢᠭᠤᠯᠵᠤ᠂ ᠠᠮᠤᠷ ᠲᠦᠪᠰᠢᠨ ᠤ | ᠳᠠᠯᠳᠠ ᠬᠡᠮ ᠢ ᠪᠦᠬᠦ ᠳᠠᠯ᠎ᠠ ᠪᠠᠷ ᠪᠠᠶᠢᠴᠠᠭᠠᠨ ᠢᠯᠭᠠᠷᠠᠭᠤᠯᠵᠤ᠂ ᠠᠶᠤᠯᠬᠦᠢ ᠦᠢᠯᠡᠳᠪᠦᠷᠢᠯᠡᠯ ᠤᠨ ᠬᠢᠷᠢ ᠲᠦᠪᠰᠢᠨ ᠢ | ᠳᠡᠭᠡᠭᠰᠢᠯᠡᠬᠦᠯᠦᠨ᠎ᠡ᠃ ︽ᠳᠦᠷᠪᠡᠨ ᠬᠠᠮᠤᠭ ᠤᠨ ᠴᠢᠩᠭ᠎ᠠ︾ ᠱᠠᠭᠠᠷᠳᠠᠯᠭ᠎ᠠ ᠶᠢ ᠨᠠᠶᠢᠳᠠᠪᠦᠷᠢᠵᠢᠭᠤᠯᠵᠤ᠂ ᠢᠳᠡᠭᠡᠨ | ᠡᠮ ᠤᠨ ᠵᠦᠢᠯ ᠤᠨ ᠠᠮᠤᠷ ᠲᠦᠪᠰᠢᠨ ᠤ ᠡᠬᠢ ᠶᠢ ᠵᠠᠰᠠᠬᠤ ᠪᠠ ᠪᠦᠬᠦ ᠶᠠᠪᠤᠴᠠ ᠶᠢᠨ ᠬᠢᠨᠠᠨ ᠬᠠᠮᠢᠶᠠᠷᠤᠯᠳᠠ ᠶᠢ | ᠴᠢᠩᠭᠠᠷᠠᠭᠤᠯᠵᠤ᠂ ᠤᠯᠠᠨ ᠲᠦᠮᠡᠨ ᠤ ᠢᠳᠡᠭᠡᠨ ᠡᠮ ᠭᠡᠷᠡᠭᠯᠡᠬᠦ ᠠᠮᠤᠷ ᠲᠦᠪᠰᠢᠨ ᠢ ᠪᠠᠳᠤᠯᠠᠨ᠎ᠠ᠃ ᠨᠡᠶᠢᠬᠡᠮ ᠤᠨ | ᠵᠦᠷᠢᠴᠡᠯ ᠢ ᠬᠦᠨᠵᠡᠬᠡᠢ ᠪᠠᠶᠢᠴᠠᠭᠠᠵᠤ᠂ ᠵᠠᠬᠢᠳᠠᠯ ᠰᠤᠷᠪᠤᠯᠵᠢᠯᠠᠯ ᠤᠨ ᠬᠤᠷᠠᠮᠳᠤᠰᠠᠨ ᠭᠡᠷᠡᠭ ᠶᠠᠪᠤᠳᠠᠯ ᠢ ᠪᠦᠲᠦᠮᠵᠢᠲᠡᠢ | ᠢᠯᠭᠠᠷᠠᠭᠤᠯᠤᠨ᠎ᠠ᠃ ᠨᠡᠶᠢᠬᠡᠮ ᠤᠨ ᠠᠮᠤᠷ ᠢ ᠬᠠᠮᠠᠭᠠᠯᠠᠬᠤ ᠰᠡᠷᠭᠡᠶᠢᠯᠡᠨ ᠡᠵᠡᠮᠳᠡᠬᠦ ᠰᠢᠰᠲ᠋ᠧᠮᠵᠢ ᠶᠢᠨ ᠪᠠᠶᠢᠭᠤᠯᠤᠯᠳᠠ | ᠶᠢ ᠴᠢᠩᠭᠠᠳᠬᠠᠵᠤ᠂ ᠬᠠᠤᠯᠢ ᠪᠤᠰᠤ ᠠᠵᠢᠯᠯᠠᠭ᠎ᠠ ᠳᠤ ᠦᠨᠳᠦᠷ ᠳᠠᠷᠤᠯᠳᠠ ᠲᠠᠢ ᠪᠠᠶᠢᠬᠤ ᠪᠠᠶᠢᠳᠠᠯ ᠢ ᠪᠠᠳᠤᠯᠠᠵᠤ᠂ | ᠤᠯᠠᠨ ᠲᠦᠮᠡᠨ ᠤ ᠠᠮᠤᠷ ᠲᠦᠪᠰᠢᠨ ᠤ ᠰᠡᠳᠬᠢᠯᠬᠡ ᠶᠢ ᠴᠢᠩᠭᠠᠷᠠᠭᠤᠯᠤᠨ᠎ᠠ᠃ ᠬᠤᠶᠠᠷ ᠢ ᠬᠦᠷᠢᠶᠡᠯᠡᠬᠦ ᠬᠠᠮᠳᠤ ᠪᠠᠷ | ᠪᠠᠶᠢᠭᠤᠯᠬᠤ ᠶᠢ ᠴᠢᠩᠭᠠᠳᠬᠠᠵᠤ᠂ ᠴᠡᠷᠢᠭ ᠠᠷᠠᠳ ᠤᠨ ᠠᠭᠤᠰᠤᠯᠴᠠᠨ ᠬᠦᠭᠵᠢᠬᠦ ᠶᠢ ᠠᠬᠢᠭᠤᠯᠤᠨ᠎ᠠ᠃ ᠴᠠᠭ ᠠᠭᠤᠷ | ᠤᠨ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠰᠢᠰᠲ᠋ᠧᠮᠵᠢ ᠶᠢᠨ ᠪᠠᠶᠢᠭᠤᠯᠤᠯᠳᠠ ᠶᠢ ᠳᠡᠬᠦᠯᠳᠡᠷᠵᠢᠬᠦᠯᠦᠨ᠎ᠡ᠃ | ᠨᠠᠮ ᠤᠨ ᠱᠠᠰᠢᠨ ᠰᠤᠷᠳᠠᠬᠤᠨ ᠤ ᠠᠵᠢᠯ ᠤᠨ ᠦᠨᠳᠦᠰᠦᠨ ᠴᠢᠭᠯᠡᠯᠲᠡ ᠶᠢ ᠪᠦᠬᠦ ᠳᠠᠯ᠎ᠠ ᠪᠠᠷ ᠳᠤᠤᠱᠯᠠᠭᠤᠯᠵᠤ᠂ | ᠱᠠᠰᠢᠨ ᠰᠤᠷᠳᠠᠬᠤᠨ ᠤ ᠭᠤᠷᠪᠠᠨ ᠱᠠᠳᠤᠨ ᠤ ᠳᠤᠤᠷ ᠰᠦᠯᠵᠢᠶᠡᠨ ᠤ ᠪᠦᠬᠦ ᠪᠦᠷᠬᠦᠴᠡ ᠶᠢᠨ ᠠᠵᠢᠯ ᠢ ᠰᠠᠶᠢᠳᠦᠷ | ᠬᠢᠨ᠎ᠡ᠃ | ︵ᠶᠢᠰᠦ︶ ᠵᠠᠰᠠᠭ ᠤᠨ ᠤᠷᠳᠤᠨ ᠤ ᠳᠤᠰ ᠪᠡᠶ᠎ᠡ ᠶᠢᠨ ᠪᠠᠶᠢᠭᠤᠯᠤᠯᠳᠠ ᠪᠠᠨ ᠪᠦᠬᠦ ᠳᠠᠯ᠎ᠠ ᠪᠠᠷ | ᠴᠢᠩᠭᠠᠳᠬᠠᠵᠤ᠂ ᠵᠠᠰᠠᠭ ᠤᠨ ᠡᠷᠭᠡ ᠶᠢ ᠪᠠᠷᠢᠵᠤ ᠠᠷᠠᠳ ᠲᠤ ᠦᠢᠯᠡᠴᠢᠯᠡᠬᠦ ᠬᠢᠷᠢ ᠲᠦᠪᠰᠢᠨ ᠢᠶᠠᠨ ᠬᠦᠴᠦᠯᠡᠨ | ᠳᠡᠭᠡᠭᠰᠢᠯᠡᠬᠦᠯᠦᠨ᠎ᠡ᠃ ᠰᠢᠨ᠎ᠡ ᠡᠬᠦᠷᠭᠡ᠂ ᠰᠢᠨ᠎ᠡ ᠱᠠᠭᠠᠷᠳᠠᠯᠭ᠎ᠠ ᠳᠤ᠂ ᠪᠢᠳᠡ ᠳᠤᠰ ᠪᠡᠶ᠎ᠡ ᠶᠢᠨ ᠪᠠᠶᠢᠭᠤᠯᠤᠯᠳᠠ ᠪᠠᠨ | ᠨᠡᠩ ᠴᠢᠬᠤᠯᠠᠴᠢᠯᠠᠵᠤ᠂ ᠴᠢᠨᠡᠭᠡᠯᠢᠭ ᠨᠡᠶᠢᠬᠡᠮ ᠢ ᠪᠦᠬᠦ ᠳᠠᠯ᠎ᠠ ᠪᠠᠷ ᠪᠦᠲᠦᠭᠡᠨ ᠪᠠᠶᠢᠭᠤᠯᠬᠤ ᠳᠡᠤᠬᠡᠲᠦ ᠡᠬᠦᠷᠭᠡ ᠶᠢ | ᠮᠦᠷᠦᠨ ᠳᠡᠭᠡᠷ᠎ᠡ ᠪᠠᠨ ᠳᠠᠯᠪᠢᠵᠤ᠂ ᠭᠡᠷ ᠪᠤᠯᠭᠠᠨ ᠤ ᠪᠠᠶᠠᠷ ᠵᠤᠪᠠᠯ ᠢ ᠰᠡᠳᠬᠢᠯ ᠳᠤ ᠪᠠᠨ ᠠᠪᠴᠦ᠂ ᠠᠷᠠᠳ ᠲᠦᠮᠡᠨ | ᠤ ᠬᠠᠨᠤᠮᠵᠢᠳᠠᠢ ᠵᠠᠰᠠᠭ ᠤᠨ ᠤᠷᠳᠤᠨ ᠢ ᠪᠦᠲᠦᠭᠡᠨ ᠪᠠᠶᠢᠭᠤᠯᠤᠨ᠎ᠠ᠃ | ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠪᠠᠷᠢᠮᠳᠠᠯᠠᠵᠤ᠂ ᠬᠠᠤᠯᠢᠵᠢᠯ ᠤᠨ ᠵᠠᠰᠠᠭ ᠤᠨ ᠤᠷᠳᠤᠨ ᠢ ᠪᠦᠬᠦ | ᠳᠠᠯ᠎ᠠ ᠪᠠᠷ ᠪᠦᠲᠦᠭᠡᠨ ᠪᠠᠶᠢᠭᠤᠯᠤᠨ᠎ᠠ᠃ ᠬᠤᠰᠢᠭᠤᠨ ᠤ ᠨᠠᠮ ᠤᠨ ᠬᠤᠷᠢᠶᠠᠨ ᠤ ᠡᠷᠭᠡ ᠰᠦᠷ ᠢ ᠡᠷᠡᠰ ᠬᠠᠮᠠᠭᠠᠯᠠᠵᠤ᠂ | ᠬᠤᠰᠢᠭᠤᠨ ᠤ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠵᠢᠴᠢ ᠳᠡᠬᠦᠨ ᠤ ᠪᠠᠶᠢᠩᠭᠤ ᠶᠢᠨ ᠬᠤᠷᠢᠶᠠᠨ ᠤ | ᠬᠠᠤᠯᠢ ᠴᠠᠭᠠᠵᠠ ᠶᠢᠨ ᠬᠢᠨᠠᠯᠳᠠ ᠳᠠᠯᠪᠢᠬᠤ᠂ ᠤᠯᠤᠰ ᠳᠦᠷᠦ ᠶᠢᠨ ᠵᠦᠪᠯᠡᠯᠭᠡᠨ ᠤ ᠠᠷᠠᠳᠴᠢᠯᠠᠯ ᠢᠶᠠᠷ ᠬᠢᠨᠠᠯᠳᠠ | ᠳᠠᠯᠪᠢᠬᠤ ᠶᠢ ᠤᠬᠠᠨᠰᠠᠷ ᠠᠴᠠ ᠪᠠᠨ ᠬᠦᠯᠢᠶᠡᠵᠤ᠂ ᠨᠡᠶᠢᠬᠡᠮ ᠪᠠ ᠶᠠᠷᠢᠶ᠎ᠠ ᠬᠡᠯᠡᠯᠴᠡᠭᠡᠨ ᠤ ᠬᠢᠨᠠᠯᠳᠠ ᠳᠠᠯᠪᠢᠬᠤ ᠶᠢ | ᠰᠠᠨᠠᠭᠠᠴᠢᠯᠠᠭ᠎ᠠ ᠠᠴᠠ ᠪᠠᠨ ᠬᠦᠯᠢᠶᠡᠨ᠎ᠡ᠃ ᠵᠠᠰᠠᠭ ᠵᠠᠬᠢᠷᠭᠠᠨ ᠤ ᠬᠠᠤᠯᠢ ᠶᠢ ᠭᠡᠷᠡᠭᠵᠢᠬᠦᠯᠬᠦ ᠶᠠᠪᠤᠴᠠ᠂ ᠬᠠᠤᠯᠢ ᠶᠢ | ᠭᠡᠷᠡᠭᠵᠢᠬᠦᠯᠬᠦ ᠪᠠᠷᠢᠮᠵᠢᠶ᠎ᠠ ᠶᠢ ᠴᠢᠩᠳᠠᠯᠠᠨ᠂ ᠵᠠᠰᠠᠭ ᠵᠠᠬᠢᠷᠭᠠᠨ ᠤ ᠠᠵᠢᠯᠯᠠᠭ᠎ᠠ ᠶᠢ ᠳᠦᠷᠢᠮᠵᠢᠬᠦᠯᠦᠨ᠎ᠡ᠃ ᠵᠠᠰᠠᠭ ᠤᠨ | ᠤᠷᠳᠤᠨ ᠤ ᠬᠠᠤᠯᠢ ᠶᠢᠨ ᠵᠦᠪᠯᠡᠭᠴᠢ ᠶᠢᠨ ᠳᠦᠷᠢᠮ ᠢ ᠪᠦᠬᠦ ᠳᠠᠯ᠎ᠠ ᠪᠠᠷ ᠶᠠᠪᠤᠭᠳᠠᠭᠤᠯᠵᠤ᠂ ᠬᠤᠰᠢᠭᠤ᠂ ᠰᠤᠮᠤ | ᠪᠠᠯᠭᠠᠰᠤ ᠬᠤᠶᠠᠷ ᠱᠠᠳᠤᠨ ᠤ ᠪᠦᠬᠦ ᠪᠦᠷᠬᠦᠴᠡ ᠶᠢ ᠪᠡᠶᠡᠯᠡᠬᠦᠯᠦᠨ᠎ᠡ᠃ | ᠵᠠᠰᠠᠭ ᠢ ᠶᠠᠪᠤᠭᠤᠯᠵᠤ ᠠᠷᠠᠳ ᠲᠤ ᠦᠢᠯᠡᠴᠢᠯᠡᠬᠦ ᠶᠢ ᠪᠠᠷᠢᠮᠳᠠᠯᠠᠵᠤ᠂ ᠦᠢᠯᠡᠴᠢᠯᠡᠬᠡᠨ ᠤ ᠬᠡᠯᠪᠡᠷᠢ ᠶᠢᠨ ᠵᠠᠰᠠᠭ | ᠤᠨ ᠤᠷᠳᠤᠨ ᠢ ᠪᠦᠬᠦ ᠳᠠᠯ᠎ᠠ ᠪᠠᠷ ᠪᠠᠶᠢᠭᠤᠯᠤᠨ᠎ᠠ᠃ ︽ᠢᠨᠲ᠋ᠧᠷᠨ᠋ᠲ + ᠵᠠᠰᠠᠭ ᠤᠨ ᠶᠠᠪᠤᠳᠠᠯ ᠤᠨ ᠦᠢᠯᠡᠴᠢᠯᠡᠭᠡ︾ | ᠵᠡᠷᠭᠡ ᠰᠤᠷᠠᠭ ᠵᠠᠩᠬᠢ ᠶᠢᠨ ᠠᠷᠠᠳ ᠲᠤ ᠠᠰᠢᠭ ᠬᠦᠷᠳᠡᠭᠡᠬᠦ ᠢᠨᠵᠧᠨᠧᠷᠢᠩ ᠢ ᠬᠦᠨᠵᠡᠬᠡᠢ ᠭᠡᠷᠡᠭᠵᠢᠬᠦᠯᠵᠤ᠂ ᠳᠤᠤᠷ | ᠰᠦᠯᠵᠢᠶᠡᠨ ᠳᠡᠭᠡᠷ᠎ᠡ ᠦᠢᠯᠡᠴᠢᠯᠡᠬᠦ ᠠᠭᠤᠯᠭ᠎ᠠ ᠪᠠᠨ ᠪᠠᠶᠠᠯᠢᠬᠵᠢᠭᠤᠯᠵᠤ᠂ ᠳᠤᠤᠷ ᠰᠦᠯᠵᠢᠶᠡᠨ ᠳᠡᠭᠡᠷ᠎ᠡ ᠶᠠᠪᠤᠳᠠᠯ | ᠡᠷᠬᠢᠯᠡᠬᠦ ᠶᠠᠪᠤᠴᠠ ᠪᠠᠨ ᠳᠡᠬᠦᠯᠳᠡᠷᠵᠢᠬᠦᠯᠵᠤ᠂ ᠰᠤᠷᠠᠭ ᠴᠢᠮᠡᠭᠡ ᠶᠢ ᠢᠯᠡᠬᠦᠦ ᠠᠵᠢᠯᠯᠠᠭᠤᠯᠵᠤ᠂ ᠤᠯᠠᠨ ᠲᠦᠮᠡᠨ ᠪᠠ | ᠠᠵᠤ ᠠᠬᠤᠶᠢᠯᠠᠯ ᠢ ᠳᠤᠳᠠᠭᠤ ᠶᠠᠪᠤᠭᠤᠯᠵᠤ᠂ ᠶᠠᠪᠤᠳᠠᠯ ᠢ ᠰᠠᠶᠢᠨ ᠡᠷᠬᠢᠯᠡᠬᠦᠯᠦᠨᠡ᠃ ᠵᠠᠰᠠᠭ ᠤᠨ ᠶᠠᠪᠤᠳᠠᠯ ᠢ ᠢᠯᠡ | ᠪᠤᠯᠭᠠᠬᠤ ᠶᠢ ᠶᠠᠪᠤᠭᠳᠠᠭᠤᠯᠵᠤ᠂ ᠵᠠᠰᠠᠭ ᠤᠨ ᠤᠷᠳᠤᠨ ᠤ ᠠᠵᠢᠯ ᠤᠨ ᠨᠡᠪᠳᠡ ᠬᠠᠷᠠᠭᠳᠠᠬᠤ ᠬᠡᠮᠵᠢᠶ᠎ᠡ ᠶᠢ | ᠴᠢᠩᠭᠠᠷᠠᠭᠤᠯᠤᠨ᠎ᠠ᠃ ᠰᠤᠨᠢᠨ ᠮᠡᠳᠡᠭᠡ ᠨᠡᠶᠢᠳᠡᠯᠡᠬᠦ ᠬᠤᠷᠠᠯ ᠤᠨ ᠳᠦᠷᠢᠮ ᠢ ᠳᠡᠬᠦᠯᠳᠡᠷᠵᠢᠬᠦᠯᠵᠤ᠂ ᠨᠡᠶᠢᠬᠡᠮ ᠤᠨ | ᠠᠩᠬᠠᠷᠤᠯ ᠳᠤ ᠴᠠᠭ ᠳᠤᠬᠠᠢ ᠳᠤ ᠨᠢ ᠬᠠᠷᠢᠭᠤ ᠦᠭᠬᠦᠨ᠎ᠡ᠃ ︽ᠵᠠᠰᠠᠭ ᠢ ᠴᠤᠮᠬᠠᠳᠬᠠᠨ ᠡᠷᠭᠡ ᠶᠢ ᠪᠠᠭᠤᠯᠭᠠᠬᠤ᠂ | ᠪᠠᠭᠤᠯᠭᠠᠵᠤ ᠬᠠᠮᠢᠶᠠᠷᠬᠤ ᠶᠢ ᠤᠶ᠋ᠯᠳᠤᠭᠤᠯᠤᠨ᠂ ᠰᠢᠯᠢᠳᠡᠭ ᠦᠢᠯᠡᠴᠢᠯᠡᠭᠡ ᠬᠠᠩᠭᠠᠬᠤ︾ ᠦᠭᠡᠷᠡᠴᠢᠯᠡᠯᠲᠡ ᠶᠢ | ᠬᠦᠨᠵᠡᠬᠡᠶᠢᠷᠡᠬᠦᠯᠵᠤ᠂ ᠡᠷᠭᠡ ᠬᠠᠷᠢᠭᠤᠴᠯᠠᠭ᠎ᠠ ᠶᠢᠨ ᠳᠤᠳᠤᠷᠬᠠᠢ ᠬᠠᠭᠤᠳᠠᠰᠤ ᠶᠢᠨ ᠳᠦᠷᠢᠮ ᠢ ᠴᠢᠩᠭ᠎ᠠ | ᠶᠠᠪᠤᠭᠳᠠᠭᠤᠯᠵᠤ᠂ ᠠᠵᠢᠯ ᠤᠨ ᠰᠤᠷᠳᠠᠯ ᠢᠶᠠᠨ ᠦᠨᠡᠨᠬᠦ ᠬᠤᠪᠢᠷᠠᠭᠤᠯᠵᠤ᠂ ᠶᠠᠪᠤᠳᠠᠯ ᠡᠷᠬᠢᠯᠡᠬᠦ ᠶᠠᠪᠤᠴᠠ ᠶᠢ | ᠴᠤᠮᠬᠠᠳᠬᠠᠵᠤ᠂ ︽ᠭᠤᠶᠤᠴᠢᠯᠠᠬᠤ ᠳᠤ ᠬᠦᠴᠢᠷ︾᠂ ︽ᠶᠠᠪᠤᠳᠠᠯ ᠡᠷᠬᠢᠯᠡᠬᠦ ᠳᠤ ᠬᠦᠴᠢᠷ︾᠂ ︽ᠶᠠᠪᠤᠳᠠᠯ | ᠡᠷᠬᠢᠯᠡᠬᠦ ᠳᠤ ᠡᠷᠬᠢᠴᠡᠬᠦ︾ ᠶᠢ ᠡᠷᠡᠰ ᠬᠤᠷᠢᠭᠯᠠᠨ᠎ᠠ᠃ | ᠠᠷᠢᠭᠤᠨ ᠴᠡᠪᠡᠷ ᠢᠶᠠᠷ ᠵᠠᠰᠠᠭ ᠤᠨ ᠠᠵᠢᠯ ᠢ ᠬᠢᠬᠦ ᠶᠢ ᠪᠠᠷᠢᠮᠳᠠᠯᠠᠵᠤ᠂ ᠠᠷᠢᠭᠤᠨ ᠴᠢᠭᠡᠴᠢ ᠵᠠᠰᠠᠭ ᠤᠨ | ᠤᠷᠳᠤᠨ ᠢ ᠪᠦᠬᠦ ᠳᠠᠯ᠎ᠠ ᠪᠠᠷ ᠪᠠᠶᠢᠭᠤᠯᠤᠨ᠎ᠠ᠃ ᠵᠠᠰᠠᠭ ᠤᠨ ᠤᠷᠳᠤᠨ ᠤ ᠰᠢᠰᠲ᠋ᠧᠮ ᠤᠨ ᠴᠢᠭᠡᠴᠢ ᠵᠠᠰᠠᠭ ᠤᠨ | ᠳᠦᠭᠰᠢᠬᠦᠷᠢ ᠶᠢᠨ ᠰᠡᠷᠭᠡᠶᠢᠯᠡᠨ ᠡᠵᠡᠮᠳᠡᠬᠦ ᠰᠢᠰᠲ᠋ᠧᠮᠵᠢ ᠶᠢ ᠪᠦᠷᠢᠨᠰᠢᠬᠦᠯᠵᠤ᠂ ︽ᠨᠢᠬᠡ ᠠᠵᠢᠯ ᠤᠨ ᠪᠠᠶᠢᠷᠢᠨ ᠤ | ᠬᠤᠶᠠᠷ ᠬᠠᠷᠢᠭᠤᠴᠠᠯᠭ᠎ᠠ︾ ᠶᠢ ᠨᠠᠷᠢᠨ ᠬᠢᠨᠠᠮᠠᠭᠠᠢ ᠬᠦᠢᠴᠡᠳᠭᠡᠵᠤ᠂ ︽ᠭᠤᠷᠪᠠᠨ ᠬᠦᠨᠳᠦ ᠨᠢᠭᠡ ᠶᠡᠭᠡ︾ ᠶᠢᠨ | ᠳᠦᠷᠢᠮ ᠢ ᠴᠢᠩᠭ᠎ᠠ ᠨᠠᠶᠢᠳᠠᠪᠦᠷᠢᠵᠢᠭᠤᠯᠤᠨ᠂ ᠠᠷᠠᠳ ᠤᠨ ᠠᠮᠢᠳᠤᠷᠠᠯ ᠤᠨ ᠳᠦᠷᠦᠯ ᠵᠦᠢᠯ᠂ ᠠᠷᠠᠳ ᠤᠨ | ᠠᠮᠢᠳᠤᠷᠠᠯ ᠤᠨ ᠪᠡᠯᠡ ᠮᠦᠩᠬᠦ ᠵᠡᠷᠭᠡ ᠭᠤᠤᠯᠳᠠᠯᠭ᠎ᠠ ᠲᠠᠢ ᠬᠦᠷᠢᠶ᠎ᠡ ᠴᠠᠷᠠᠭ᠎ᠠ᠂ ᠵᠠᠩᠬᠢᠯᠠᠭ᠎ᠠ ᠶᠢᠨ ᠭᠤᠭᠴᠤᠭ᠎ᠠ ᠶᠢᠨ | ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠪᠠ ᠬᠢᠨᠠᠨ ᠪᠤᠳᠤᠯᠳᠠ ᠶᠢᠨ ᠬᠢᠨᠠᠯᠳᠠ ᠳᠠᠯᠪᠢᠬᠤ ᠶᠢ ᠴᠢᠩᠭᠠᠳᠬᠠᠵᠤ᠂ ᠡᠯ᠎ᠡ | ᠳᠦᠷᠦᠯ ᠤᠨ ᠳᠤᠰᠬᠠᠢ ᠵᠦᠢᠯ ᠤᠨ ᠪᠡᠯᠡ ᠮᠦᠩᠬᠦ ᠶᠢ ᠬᠤᠪᠢ ᠶᠢᠨ ᠪᠤᠯᠭᠠᠬᠤ᠂ ᠨᠡᠬᠦᠯᠬᠡᠨ ᠭᠡᠷᠡᠭᠯᠡᠬᠦ ᠶᠢ ᠡᠷᠡᠰ | ᠰᠡᠷᠬᠡᠶᠢᠯᠡᠵᠤ᠂ ᠬᠢᠵᠠᠭᠠᠷ ᠲᠠᠢ ᠪᠡᠯᠡ ᠮᠦᠩᠬᠦ ᠶᠢ ᠨᠡᠩ ᠤᠯᠠᠨ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠳᠡᠭᠡᠷ᠎ᠡ | ᠭᠡᠷᠡᠭᠯᠡᠨ᠎ᠡ᠃ | ᠦᠵᠡᠯ ᠰᠠᠨᠠᠭ᠎ᠠ ᠪᠠᠨ ᠴᠢᠯᠦᠬᠡᠯᠡᠬᠦ ᠶᠢ ᠪᠠᠷᠢᠮᠳᠠᠯᠠᠵᠤ᠂ ᠰᠢᠨ᠎ᠡ ᠶᠢ ᠡᠬᠦᠳᠬᠦ ᠵᠠᠰᠠᠭ ᠤᠨ ᠤᠷᠳᠤᠨ ᠢ ᠪᠦᠬᠦ | ᠳᠠᠯ᠎ᠠ ᠪᠠᠷ ᠪᠠᠶᠢᠭᠤᠯᠤᠨ᠎ᠠ᠃ ᠦᠵᠡᠯ ᠰᠠᠨᠠᠭᠠᠨ ᠤ ᠤᠶᠢᠯᠠᠭᠠᠭᠳᠠᠬᠤᠨ ᠤᠳᠠᠭᠠᠰᠢᠷᠠᠩᠭᠤᠢ᠂ ᠪᠠᠶᠢᠭᠤᠯᠤᠯ ᠳᠤᠭᠳᠠᠴᠠ | ᠬᠢᠵᠠᠭᠠᠷᠯᠠᠯ ᠲᠠᠢ᠂ ᠬᠦᠭᠵᠢᠯᠲᠡ ᠶᠢᠨ ᠠᠷᠭ᠎ᠠ ᠵᠠᠮ ᠢ ᠦᠬᠦᠨ ᠪᠠᠷᠢᠮᠳᠠᠯᠠᠬᠤ ᠵᠡᠷᠭᠡ ︽ᠳᠤᠳᠬᠠᠷ︾ ᠪᠠ ︽ | ᠳᠤᠷᠤᠭᠠᠰᠦ︾ ᠶᠢ ᠡᠷᠡᠰ ᠦᠬᠡᠶᠢᠰᠭᠡᠨ᠎ᠡ᠃ ᠠᠯᠪᠠᠳᠠᠨ ᠤ ᠡᠩᠨᠡᠭᠡ ᠶᠢᠨ ᠪᠠᠶᠢᠭᠤᠯᠤᠯᠳᠠ ᠶᠢ ᠴᠢᠩᠭᠠᠳᠬᠠᠵᠤ᠂ | ᠰᠤᠷᠤᠯᠴᠯᠠᠭ᠎ᠠ ᠶᠢᠨ ᠰᠤᠷᠳᠠᠯ ᠢ ᠦᠷᠨᠢᠬᠦᠯᠵᠤ᠂ ᠰᠢᠨ᠎ᠡ ᠳᠦᠷᠦ ᠶᠢᠨ ᠪᠤᠳᠤᠯᠭ᠎ᠠ᠂ ᠰᠢᠨ᠎ᠡ ᠮᠡᠳᠡᠯᠭᠡ᠂ ᠰᠢᠨ᠎ᠡ | ᠪᠠᠶᠢᠳᠠᠯ ᠢ ᠨᠠᠷᠢᠨ ᠬᠢᠨᠠᠮᠠᠭᠠᠢ ᠰᠤᠷᠤᠯᠴᠠᠵᠤ᠂ ᠵᠦᠪ ᠤᠨᠤᠪᠴᠢᠳᠠᠢ ᠡᠵᠡᠮᠳᠡᠨ᠂ ᠤᠬᠠᠮᠰᠠᠷ ᠠᠴᠠ ᠪᠠᠨ ᠭᠡᠷᠡᠭᠯᠡᠨ᠎ᠡ᠃ | ᠭᠤᠤᠯᠳᠠᠯᠭ᠎ᠠ ᠲᠠᠢ ᠳᠦᠷᠦᠯ ᠵᠦᠢᠯ᠂ ᠴᠢᠬᠤᠯᠠ ᠶᠡᠭᠡ ᠶᠠᠪᠤᠳᠠᠯ᠂ ᠴᠢᠬᠤᠯᠠ ᠠᠵᠢᠯ ᠢ ᠱᠠᠯᠠᠮᠠᠭᠠᠢ ᠪᠠᠷ ᠰᠦᠪᠡᠭᠴᠢᠯᠡᠨ | ᠂ ᠳᠦᠷᠭᠡᠨ ᠡᠬᠢᠯᠡᠬᠦᠯᠵᠤ᠂ ᠨᠠᠶᠢᠳᠠᠪᠦᠷᠢᠵᠢᠭᠤᠯᠬᠤ ᠶᠢ ᠠᠳᠬᠤᠨ᠎ᠠ᠃ | ᠪᠤᠳᠠᠳᠠᠢ ᠠᠵᠢᠯᠯᠠᠨ ᠦᠨᠳᠦᠷ ᠪᠦᠲᠦᠮᠵᠢᠲᠡᠢ ᠪᠠᠶᠢᠬᠤ ᠶᠢ ᠪᠠᠷᠢᠮᠳᠠᠯᠠᠵᠤ᠂ ᠦᠷ᠎ᠡ ᠪᠦᠲᠦᠮᠵᠢᠲᠡᠢ ᠵᠠᠰᠠᠭ ᠤᠨ | ᠤᠷᠳᠤᠨ ᠢ ᠪᠦᠬᠦ ᠳᠠᠯ᠎ᠠ ᠪᠠᠷ ᠪᠠᠶᠢᠭᠤᠯᠤᠨ᠎ᠠ᠃ ︽ᠬᠤᠶᠠᠷ ᠢ ᠰᠤᠷᠤᠯᠴᠠᠵᠤ ᠬᠢᠷᠢ ᠳᠡᠩᠴᠡᠭᠰᠡᠨ ᠨᠠᠮ ᠤᠨ ᠬᠡᠰᠢᠬᠦᠨ | ᠪᠤᠯᠬᠤ︾ ᠰᠤᠷᠤᠯᠴᠠᠯᠭ᠎ᠠ ᠬᠦᠮᠦᠵᠢᠯ ᠤᠨ ᠦᠷ᠎ᠡ ᠪᠦᠲᠦᠭᠡᠯ ᠢ ᠤᠯᠠᠮ ᠨᠢᠬᠡ ᠠᠯᠬᠤᠮ ᠪᠠᠬᠢᠵᠢᠬᠦᠯᠦᠨ ᠦᠷᠭᠡᠳᠭᠡᠵᠤ᠂ | ︽ᠪᠤᠰᠢᠭᠤ ᠲᠦᠷᠭᠡᠨ ᠡᠷᠬᠢᠯᠡᠬᠦ︾ ᠵᠤᠷᠢᠭ ᠰᠠᠨᠠᠭ᠎ᠠ᠂ ︽ᠬᠠᠳᠠᠭᠠᠰᠦ ᠬᠠᠳᠠᠬᠤ︾ ᠵᠤᠷᠢᠭ ᠰᠠᠨᠠᠭ᠎ᠠ ᠪᠠ ︽ | ᠮᠤᠩᠭᠤᠯ ᠮᠤᠷᠢ︾ ᠶᠢᠨ ᠵᠤᠷᠢᠭ ᠰᠠᠨᠠᠭ᠎ᠠ ᠶᠢ ᠶᠡᠬᠡᠪᠡᠷ ᠪᠠᠳᠠᠷᠠᠭᠤᠯᠵᠤ᠂ ᠰᠠᠯᠠᠭ᠎ᠠ ᠮᠦᠴᠢᠷ ᠤᠨ ᠬᠤᠭᠤᠷᠤᠨᠳᠤᠬᠢ | ᠵᠤᠬᠢᠴᠠᠯᠳᠤᠨ ᠬᠠᠮᠵᠢᠯᠴᠠᠬᠤ ᠳᠤᠭᠳᠠᠴᠠ ᠶᠢ ᠪᠦᠷᠢᠨᠰᠢᠬᠦᠯᠵᠤ᠂ ᠵᠠᠰᠠᠭ ᠤᠨ ᠤᠷᠳᠤᠨ ᠤ ᠬᠦᠢᠴᠡᠳᠭᠡᠬᠦ ᠴᠢᠳᠠᠪᠦᠷᠢ | ᠪᠠ ᠵᠠᠰᠠᠭ ᠵᠠᠬᠢᠷᠭᠠᠨ ᠤ ᠦᠷ᠎ᠡ ᠪᠦᠲᠦᠮᠵᠢ ᠶᠢ ᠳᠡᠭᠡᠭᠰᠢᠯᠡᠬᠦᠯᠦᠨ᠎ᠡ᠃ | ᠳᠦᠯᠦᠭᠡᠯᠡᠭᠴᠢᠳ ᠡ᠂ ᠴᠠᠭ ᠤᠨ ᠪᠠᠶᠢᠳᠠᠯ ᠬᠦᠮᠦᠰ ᠢ ᠰᠢᠬᠠᠮᠳᠤᠭᠤᠯᠤᠨ ᠤᠷᠤᠭᠰᠢᠯᠠᠭᠤᠯᠵᠤ᠂ ᠬᠠᠷᠠᠯᠳᠠ | ᠬᠦᠮᠦᠰ ᠤᠨ ᠰᠡᠳᠬᠢᠯ ᠢ ᠵᠤᠷᠢᠭᠵᠢᠭᠤᠯᠵᠤ᠂ ᠠᠶᠠᠨ ᠵᠠᠮ ᠤᠨ ᠡᠬᠦᠷᠭᠡ ᠬᠦᠨᠳᠦ ᠵᠠᠮ ᠬᠤᠯᠠ ᠪᠠᠶᠢᠨ᠎ᠠ᠃ ᠪᠤᠳᠠᠳᠠᠢ | ᠠᠵᠢᠯᠯᠠᠪᠠᠯ ᠰᠠᠶ᠋ᠢ ᠬᠦᠰᠡᠯ ᠵᠡᠬᠦᠳᠦ ᠪᠠᠨ ᠪᠡᠶᠡᠯᠡᠬᠦᠯᠵᠤ᠂ ᠴᠢᠷᠮᠠᠶᠢᠨ ᠳᠡᠮᠡᠴᠡᠪᠠᠯ ᠰᠠᠶ᠋ᠢ ᠢᠷᠡᠭᠡᠲᠦᠢ ᠶᠢ ᠤᠯᠤᠨ᠎ᠠ᠃ | ᠪᠢᠳᠡ ᠬᠤᠰᠢᠭᠤᠨ ᠤ ᠨᠠᠮ ᠤᠨ ᠬᠤᠷᠢᠶᠠᠨ ᠤ ᠡᠷᠡᠰ ᠴᠢᠩᠭ᠎ᠠ ᠤᠳᠤᠷᠢᠳᠤᠯᠭ᠎ᠠ ᠳᠤᠤᠷ᠎ᠠ᠂ ᠪᠦᠬᠦ ᠬᠤᠰᠢᠭᠤᠨ ᠤ | ᠡᠯ᠎ᠡ ᠦᠨᠳᠦᠰᠦᠳᠡᠨ ᠤ ᠺᠠᠳ᠋ᠷ ᠤᠯᠠᠨ ᠲᠦᠮᠡᠨ ᠢ ᠳᠦᠰᠢᠭᠯᠡᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ | ᠪᠦᠯᠬᠦᠮᠳᠡᠨ ᠳᠡᠮᠡᠴᠡᠵᠤ᠂ ᠪᠤᠴᠠᠯᠳᠠ ᠦᠬᠡᠢ ᠤᠷᠤᠭᠰᠢᠯᠠᠨ᠂ ᠨᠡᠩ ᠡᠷᠡᠰ ᠴᠢᠩᠭ᠎ᠠ ᠵᠤᠷᠢᠭ ᠢᠶᠠᠷ ᠪᠠᠬᠢᠯᠡᠯᠲᠡ ᠶᠢ | ᠰᠢᠪᠳᠤᠯᠤᠨ ᠬᠦᠴᠢᠷᠳᠡᠯ ᠢ ᠳᠡᠰᠪᠦᠷᠢᠯᠡᠵᠤ᠂ ᠨᠡᠩ ᠬᠦᠴᠦᠨ ᠳᠡᠬᠦᠯᠳᠡᠷ ᠬᠠᠯᠠᠭᠤᠨ ᠰᠡᠳᠬᠢᠯᠭᠡ ᠪᠠᠷ ᠨᠡᠬᠡᠬᠡᠨ | ᠤᠷᠤᠭᠰᠢᠯᠠᠵᠤ ᠰᠢᠨ᠎ᠡ ᠶᠢ ᠡᠬᠦᠳᠴᠦ᠂ ᠨᠡᠩ ᠪᠤᠳᠠᠳᠠᠢ ᠰᠤᠷᠳᠠᠯ ᠢᠶᠠᠷ ᠬᠢᠴᠢᠶᠡᠨ ᠴᠢᠷᠮᠠᠶᠢᠵᠤ᠂ ᠰᠢᠯᠢᠳᠡᠭ ᠬᠢᠷᠢ | ᠪᠦᠲᠦᠮᠵᠢ ᠪᠠᠷ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠪᠠ ᠨᠠᠮ ᠤᠨ ᠠᠷᠪᠠ | ᠶᠢᠰᠦᠳᠦᠭᠡᠷ ᠶᠡᠭᠡ ᠬᠤᠷᠠᠯ ᠤᠨ ᠠᠮᠵᠢᠯᠳᠠ ᠲᠠᠢ ᠬᠤᠷᠠᠯᠳᠤᠬᠤ ᠶᠢ ᠤᠭᠳᠤᠶ᠎ᠠ︕ |