ᠴᠠᠬᠢᠯᠭᠠᠨ ᠱᠠᠳᠤ ᠶᠢᠨ ᠡ᠊ᠨᠳᠡᠯ ᠢ ᠦᠢᠯᠡᠭᠠᠵᠤ ᠮᠡᠳᠡᠭᠡᠷᠡᠢ
ᠨᠡᠶᠢᠲᠡᠯᠡᠭᠰᠡᠨ ᠴᠠᠭ᠄
2017/6/29
     ᠴᠠᠬᠢᠯᠭᠠᠨ ᠱᠠᠳᠤ ᠪᠤᠯ ᠥᠨᠳᠥᠷ ᠲᠠᠪᠬᠤᠷᠭᠠᠳᠤ ᠪᠠᠷᠢᠯᠭ᠎ᠠ ᠶᠢᠨ ᠴᠢᠬᠤᠯᠠ ᠠᠴᠢᠶᠠᠯᠠᠪᠤᠷᠢ ᠶᠢᠨ ᠪᠠᠭᠠᠵᠢ  ᠮᠥᠨ᠂ ᠭᠡᠷᠪᠡ ᠡ᠊ᠨᠳᠡᠯ ᠡᠬᠦᠰᠬᠦ ᠳᠤ ᠬᠥᠷᠪᠡᠯ᠂ ᠬᠥᠮᠥᠨ ᠬᠤᠷᠢᠭᠳᠠᠬᠤ᠂ ᠤᠨᠠᠵᠤ ᠤᠢᠢᠴᠢᠬᠤ ᠲᠤᠯᠠ ᠬᠥᠮᠥᠰ ᠠᠶᠤᠯᠭᠠᠨ ᠰᠠᠨᠳᠤᠷᠬᠤ᠂ ᠴᠢᠨᠠᠭᠰᠢᠯᠠᠪᠠᠯ ᠠᠶᠤᠯᠳᠠᠢ ᠡ᠊ᠨᠳᠡᠯ ᠭᠠᠷᠬᠤ ᠪᠤᠯᠤᠨ᠎ᠠ᠃               ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                   ● ᠴᠠᠬᠢᠯᠭᠠᠨ ᠱᠠᠳᠤ ᠶᠢᠨ ᠬᠤᠷᠳᠤᠴᠠ ᠨᠢ ᠭᠡᠪ ᠤᠨ ᠪᠤᠰᠤ ᠪᠠᠶᠢᠪᠠᠯ᠂ ᠪᠡᠶ᠎ᠡ ᠪᠠᠨ ᠪᠥᠬᠦ᠋ᠢᠨ  ᠬᠤᠶᠠᠷ ᠬᠥᠯ  ᠎ ᠢᠶᠠᠨ ᠲᠡᠬᠭᠴᠡᠬᠦᠷᠢ ᠲᠠᠢ ᠪᠠᠶᠢᠯᠭᠠᠬᠤ᠂ ᠭᠠᠷᠴᠤ ᠮᠡᠳᠡᠬᠦ ᠶᠢ ᠠᠷᠭᠠᠴᠠᠬᠤ ᠭᠡᠷᠡᠭᠳᠡᠢ᠃                     ● ᠭᠡᠷᠪᠡ ᠴᠠᠬᠢᠯᠭᠠᠨ ᠱᠠᠳᠤᠨ ᠲᠤᠳᠤᠷ᠎ᠠ ᠬᠤᠷᠢᠭᠳᠠᠪᠠᠯ᠂ ᠲᠡᠷᠡ ᠲᠤᠤᠷ᠎ᠠ ᠨᠢ ᠴᠠᠬᠢᠯᠭᠠᠨ ᠱᠠᠳᠤᠨ ᠲᠤᠳᠤᠷᠠᠬᠢ  ᠰᠡᠷᠡᠮᠵᠢ ᠶᠢᠨ ᠬᠤᠨᠭ᠍ᠬᠤ᠂ ᠶᠠᠷᠢᠯᠴᠠᠬᠤ ᠮᠠᠰᠢᠨ ᠪᠠ ᠳ᠋ᠢᠶᠠᠩᠬᠤᠸᠠ ᠪᠠᠷ ᠬᠠᠮᠢᠶᠠᠷᠬᠤ ᠬᠥᠮᠥᠨ ᠲᠠᠢ ᠬᠠᠷᠢᠯᠴᠠᠵᠤ᠂ ᠭᠠᠳᠠᠨ᠎ᠠ ᠠᠴᠠ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃ ᠭᠡᠷᠪᠡ ᠰᠡᠷᠡᠮᠵᠢ ᠶᠢᠨ ᠬᠤᠨᠭ᠍ᠬᠤ  ᠎ ᠨᠢ ᠲᠤᠰᠠ ᠥᠭᠡᠢ ᠪᠤᠯ ᠶᠡᠭᠡ  ᠲᠠᠭᠤᠨ ᠢᠶᠠᠷ ᠬᠠᠰᠬᠢᠷᠬᠤ ᠪᠤᠶᠤ ᠴᠠᠬᠢᠯᠭᠠᠨ ᠱᠠᠳᠤᠨ ᠤ ᠡᠬᠦᠳᠡ ᠵ᠊ ᠵᠠᠪᠰᠠᠷᠯᠠᠭᠤᠯᠤᠨ ᠠᠯᠠᠭᠠᠳᠠᠬᠤ ᠭᠡᠷᠡᠭᠳᠡᠢ᠃                   ● ᠴᠠᠬᠢᠯᠭᠠᠨ ᠱᠠᠳᠤ ᠵᠤᠭᠰᠤᠬᠤ ᠥᠶᠡᠰ᠂ ᠴᠠᠬᠢᠯᠭᠠᠨ ᠱᠠᠳᠤ ᠭᠡᠨᠡᠳᠳᠡ ᠬᠥᠳᠡᠯᠬᠦ ᠶᠢ ᠰᠡᠷᠭᠡᠶᠢᠯᠡᠬᠦ  ᠎ ᠶᠢᠨ  ᠲᠥᠯᠥᠭᠡ᠂ ᠪᠤᠯᠬᠤ ᠶᠢᠨ ᠲᠤᠳᠤᠷ᠎ᠠ ᠡᠬᠦᠳᠡ ᠶᠢ ᠨᠢ ᠨᠡᠭᠡᠭᠡᠨ ᠮᠥᠯᠬᠦᠵᠤ ᠭᠠᠷᠴᠤ ᠪᠤᠯᠬᠤ᠃                     ● ᠴᠠᠬᠢᠯᠭᠠᠨ ᠱᠠᠳᠤ ᠠᠵᠢᠯᠯᠠᠭᠠᠨ ᠳᠠᠭᠠᠨ ᠪᠠᠶᠢᠬᠤ ᠳᠤᠨᠢ ᠤᠰᠤ ᠤᠷᠤᠪᠠᠯ ᠴᠠᠬᠢᠯᠭᠠᠨ ᠱᠠᠳᠤ ᠶᠢ  ᠬᠠᠮᠤᠭ  ᠲᠡᠭᠡᠷ᠎ᠡ ᠲᠠᠪᠬᠤᠷᠭ᠎ᠠ ᠳᠤ ᠬᠥᠷᠬᠡᠬᠦ ᠶᠢᠨ ᠬᠠᠮᠳᠤ ᠰᠡᠯᠪᠢᠨ ᠵᠠᠰᠠᠬᠤ ᠠᠵᠢᠯᠳᠠᠨ ᠳᠤ  ᠮᠡᠳᠡᠭᠦᠯᠦᠨ᠎ᠡ᠃                     ● ᠭᠡᠷᠪᠡ ᠠᠵᠢᠯᠯᠠᠭᠠᠨ ᠳᠠᠭᠠᠨ ᠪᠠᠶᠢᠭ᠎ᠠ ᠴᠠᠬᠢᠯᠭᠠᠨ ᠱᠠᠳᠤ ᠭᠠᠯ ᠨᠤᠴᠠᠪᠠᠯ᠂ ᠴᠠᠬᠢᠯᠭᠠᠨ ᠱᠠᠳᠤ ᠶᠢ  ᠤᠢᠢᠷ᠎ᠠ  ᠪᠠᠶᠢᠭ᠎ᠠ ᠲᠠᠪᠬᠤᠷᠭ᠎ᠠ ᠳᠤ ᠵᠤᠭᠰᠤᠭᠠᠬᠤ ᠶᠢᠨ ᠬᠠᠮᠳᠤ᠂ ᠠᠰᠠᠷ ᠤᠨ ᠱᠠᠳᠤ ᠪᠠᠷ ᠬᠤᠷᠳᠤᠨ ᠲᠤᠳᠠᠭᠠᠨ  ᠵᠠᠶᠢᠯᠠᠬᠤ  ᠎ ᠨᠢ  ᠴᠢᠬᠤᠯᠨ᠃                 ᠲᠤᠰᠬᠠᠢ ᠮᠡᠷᠭᠡᠵᠢᠯᠳᠡᠨ ᠤ ᠰᠠᠨᠠᠭᠤᠯᠤᠮᠵᠢ᠄                    ◆ ᠭᠠᠵᠠᠷ ᠬᠥᠳᠡᠯᠥᠯᠳᠡ᠂ ᠭᠠᠯ ᠤᠨ ᠭᠠᠮᠰᠢᠭ᠂ ᠴᠠᠬᠢᠯᠭᠠᠨ ᠱᠠᠳᠤᠨ ᠳᠤ ᠤᠰᠤ ᠤᠷᠤᠬᠤ ᠵᠡᠷᠭᠡ  ᠪᠠᠴᠢᠮ  ᠪᠠᠶᠢᠳᠠᠯ ᠳᠤ᠂ ᠴᠠᠬᠢᠯᠭᠠᠨ ᠱᠠᠳᠤ ᠭᠡᠷᠡᠭᠯᠡᠬᠦ ᠶᠢ ᠡᠷᠡᠰ ᠴᠠᠭᠠᠵᠠᠯᠠᠵᠤ᠂ ᠭᠠᠯ ᠤᠨᠳᠠᠷᠠᠭᠠᠬᠤ ᠨᠡᠪᠳᠡᠷᠡᠯᠭᠡ  ᠎ ᠶᠢᠨ ᠵᠠᠮ ᠪᠤᠶᠤ  ᠠᠰᠠᠷ ᠤᠨ ᠱᠠᠳᠤ ᠪᠠᠷ ᠶᠠᠪᠤᠬᠤ ᠭᠡᠷᠡᠭᠳᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号