ᠮᠥᠰᠤ ᠴᠠᠰᠤ ᠲᠠᠢ ᠠᠭᠤᠷ ᠠᠮᠢᠰᠬᠤᠯ ᠭᠡᠳᠡᠭ ᠢ ᠦᠢᠯᠠᠭᠠᠨ᠎ᠠ ᠤᠤ
ᠨᠡᠶᠢᠲᠡᠯᠡᠭᠰᠡᠨ ᠴᠠᠭ᠄
2017/6/29
      ᠮᠥᠰᠥ ᠴᠠᠰᠤ ᠲᠠᠢ ᠠᠭᠤᠷ ᠠᠮᠢᠰᠬᠤᠯ ᠳᠤ᠂ ᠵᠠᠮ ᠮᠥᠷ ᠲᠤᠳᠤ ᠬᠠᠷᠠᠭᠳᠠᠬᠤ ᠥᠭᠡᠢ᠂ ᠵᠠᠮ ᠨᠦᠢᠳᠠᠨ  ᠬᠥᠯᠢᠭᠡᠷ ᠪᠠᠶᠢᠳᠠᠭ ᠪᠤᠯᠬᠤᠷ᠂ ᠵᠠᠮ ᠶᠠᠪᠤᠬᠤ ᠳᠤ ᠠᠶᠤᠯᠳᠠᠢ ᠲᠠᠯᠳᠠ ᠭᠡᠮ ᠤᠳ ᠤᠷᠤᠰᠢᠵᠤ᠂ ᠵᠠᠮ  ᠬᠠᠷᠢᠯᠴᠠᠭ᠎ᠠ ᠎ ᠶᠢᠨ ᠪᠠ  ᠤᠢᠢᠴᠢᠵᠤ ᠰᠢᠷᠬᠠᠳᠤᠬᠤ ᠵᠡᠷᠭᠡ ᠠᠳᠡᠯ ᠬᠢᠯᠪᠠᠷ ᠭᠠᠷᠳᠠᠭ᠃                     ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                     ● ᠮᠠᠰᠢᠨᠳᠤ ᠪᠤᠰᠤ ᠲᠡᠷᠭᠡ ᠬᠥᠰᠭᠡ ᠶᠢᠨ ᠵᠢᠯᠤᠭᠤᠴᠢᠳ ᠲᠡᠷᠭᠡᠨ ᠤ ᠬᠥᠷᠳᠥᠨ ᠤ ᠭᠡᠢ ᠪᠠᠨ ᠪᠠᠭ᠎ᠠ  ᠰᠢᠬ ᠲᠠᠯᠪᠢᠵᠤ᠂ ᠬᠥᠷᠳᠤ ᠬᠢᠭᠡᠳ ᠵᠠᠮ ᠤᠨ ᠥᠷᠥᠯᠳᠡ ᠶᠢᠨ ᠬᠥᠴᠤ ᠶᠢ ᠨᠡᠮᠡᠭᠳᠡᠬᠦᠯᠬᠦ ᠭᠡᠷᠡᠭᠳᠡᠢ᠃                       ● ᠮᠥᠰᠥ ᠴᠠᠰᠤ ᠲᠠᠢ ᠠᠭᠤᠷ ᠠᠮᠢᠰᠬᠤᠯ ᠲᠠᠢ ᠥᠶ᠎ᠡ ᠳᠤ᠂ ᠲᠡᠷᠭᠡ ᠬᠥᠰᠭᠡ ᠵᠢᠯᠤᠭᠤᠳᠬᠤ  ᠎ ᠳᠠᠭᠠᠨ ᠲᠡᠷᠭᠡᠨ  ᠎ ᠤ ᠬᠤᠷᠳᠤᠴᠠ ᠶᠢ ᠨᠢ ᠬᠠᠰᠤᠵᠤ ᠠᠯᠭᠤᠷ ᠶᠠᠪᠤᠭᠤᠯᠵᠤ᠂ ᠮᠤᠷᠦ᠋ᠢᠬᠤ ᠳᠠᠭᠠᠨ ᠤᠭᠵᠢᠮ ᠡᠷᠬᠢᠭ᠍ᠰᠡᠨ ᠠᠴᠠ ᠪᠤᠯᠵᠤ  ᠬᠠᠵᠠᠭᠤ ᠲᠡᠰᠢ ᠪᠠᠨ ᠭᠤᠯᠭᠤᠬᠤ ᠠᠴᠠ ᠰᠡᠷᠭᠡᠶᠢᠯᠡᠵᠤ᠂ ᠲᠡᠷᠭᠡ ᠬᠥᠰᠭᠡ ᠪᠠᠨ ᠭᠡᠳᠤ  ᠤᠭᠵᠢᠮ ᠪᠥᠭᠡᠳ ᠭᠡᠳᠤ ᠲᠥᠷᠭᠡᠨ  ᠵᠤᠭᠰᠤᠭᠠᠬᠤ ᠠᠴᠠ  ᠬᠢᠴᠢᠶᠡᠨ᠎ᠡ᠃                     ● ᠮᠥᠰᠤ ᠴᠠᠰᠤ ᠲᠠᠢ ᠵᠠᠮ ᠢᠶᠠᠷ ᠲᠡᠷᠭᠡ ᠶᠠᠪᠤᠭᠤᠯᠬᠤ ᠳᠠᠭᠠᠨ᠂ ᠭᠤᠯᠭᠤᠬᠤ ᠠᠴᠠ ᠰᠡᠷᠭᠡᠶᠢᠯᠡᠬᠦ  ᠬᠢᠨᠵᠢ  ᠤᠭᠰᠠᠷᠠᠭᠤᠯᠵᠤ᠂ ᠥᠡᠭᠭᠡᠳᠤ ᠰᠢᠯ ᠪᠤᠶᠤ ᠥᠡᠭᠭᠡ ᠬᠤᠪᠢᠷᠠᠬᠤ ᠰᠢᠯ  ᠵᠠᠭᠦᠭᠦᠨ᠎ᠠ᠃                       ● ᠶᠠᠪᠠᠭᠠᠨ ᠬᠥᠮᠥᠰ ᠬᠥᠬᠦᠷᠭᠡᠨ ᠤ ᠲᠤᠤᠭᠤᠷ᠂ ᠭᠡᠷ ᠪᠠᠶᠢᠰᠢᠩ ᠤᠨ ᠰᠠᠷᠠᠪᠴᠢᠨ ᠲᠤᠤᠭᠤᠷ  ᠥᠡᠭᠭᠡᠷᠡᠬᠦ  ᠎ ᠳᠡᠭᠡᠨ ᠬᠤᠷᠳᠤᠨ ᠥᠡᠭᠭᠡᠷᠡᠬᠦ ᠪᠤᠶᠤ ᠲᠤᠭᠤᠷᠢᠨ ᠭᠠᠷᠴᠤ᠂ ᠬᠥᠯᠳᠡᠵᠤ ᠨᠠᠭᠠᠯᠳᠤᠭᠰᠠᠨ ᠮᠥᠰᠤ ᠬᠠᠶᠢᠯᠵᠤ ᠤᠨᠠᠭᠠᠳ ᠰᠢᠷᠬᠠᠳᠤᠭᠤᠯᠬᠤ ᠠᠴᠠ  ᠰᠡᠷᠭᠡᠶᠢᠯᠡᠨ᠎ᠡ  ᠃                     ● ᠵᠠᠮ ᠲᠡᠭᠡᠷ᠎ᠡ ᠴᠠᠰᠤ ᠬᠠᠶᠢᠯᠤᠭᠤᠯᠬᠤ ᠡᠳ᠋ ᠰᠠᠴᠤᠵᠤ᠂ ᠴᠠᠰᠤ ᠬᠠᠶᠢᠯᠵᠤ ᠮᠥᠰᠥᠳᠥᠬᠦ ᠠᠴᠠ  ᠰᠡᠷᠭᠡᠶᠢᠯᠡᠬᠦ  ᠎ ᠶᠢᠨ ᠬᠠᠮᠳᠤ᠂ ᠴᠠᠭ ᠲᠤᠬᠠᠢ ᠳᠤᠨᠢ ᠴᠠᠰᠤ ᠶᠢ ᠱᠥᠬᠦᠷᠳᠡᠬᠦ ᠠᠵᠢᠯ ᠢᠶᠠᠨ ᠵᠤᠬᠢᠶᠠᠨ ᠪᠠᠶᠢᠭᠤᠯᠵᠤ   ᠬᠢᠨ᠎ᠠ᠃             & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                     ◆ᠨᠠᠰᠤᠳᠠᠶᠢᠴᠤᠳ ᠪᠤᠯᠤᠨ ᠪᠡᠶ᠎ᠡ ᠪᠠᠭᠤᠷᠠᠢ ᠬᠥᠮᠥᠰ ᠭᠠᠳᠠᠭᠰᠢ ᠭᠠᠷᠬᠤ ᠪᠠᠨ ᠴᠦᠬᠡᠳᠭᠡᠨ᠎ᠡ᠃                       ◆50 ᠮᠧᠲᠷ ᠤᠨ ᠲᠤᠳᠤᠷ᠎ᠠ ᠯᠠ ᠥᠵᠡᠭᠳᠡᠴᠡ ᠲᠠᠢ ᠥᠶ᠎ᠡ ᠳᠤ᠂ ᠮᠠᠰᠢᠨᠳᠤ ᠲᠡᠷᠭᠡᠨ ᠤ ᠬᠠᠮᠤᠭ ᠥᠨᠳᠥᠷ ᠬᠤᠷᠳᠤᠴᠠ ᠪᠠᠨ ᠴᠠᠭ ᠪᠥᠷᠢ ᠳᠤ 30 ᠺᠢᠯᠤᠮᠧᠲᠷ ᠠᠴᠠ ᠲᠠᠪᠠᠭᠤᠯᠵᠤ ᠪᠤᠯᠬᠤ ᠥᠭᠡᠢ ᠪᠥᠭᠡᠳ  ᠲᠡᠷᠭᠡ ᠬᠥᠰᠭᠡᠨ ᠤ  ᠬᠤᠭᠤᠷᠤᠨᠳᠤᠬᠢ ᠵᠠᠢ ᠪᠠᠨ  ᠪᠠᠳᠤᠯᠠᠨ᠎ᠠ᠃                     ◆ᠵᠠᠮ ᠬᠠᠷᠢᠯᠴᠠᠭᠠᠨ ᠤ ᠠᠳᠡᠯ ᠭᠠᠷᠤᠭᠰᠠᠨ ᠤ ᠲᠠᠷᠠᠭ᠎ᠠ᠂ ᠠᠬᠤᠢ ᠲᠠᠯᠠᠪᠠᠢ ᠶᠢᠨ ᠠᠷᠤ ᠲᠠᠯ᠎ᠠ ᠪᠠᠷ ᠨᠢ ᠢᠯᠡ ᠲᠤᠳᠤᠷᠬᠠᠢ ᠲᠡᠮᠳᠡᠭ ᠲᠠᠯᠪᠢᠵᠤ᠂ ᠲᠡᠬᠢᠨᠳᠠ ᠡ᠊ᠨᠳᠡᠯ ᠭᠠᠷᠬᠤ ᠠᠴᠠ  ᠰᠡᠷᠭᠡᠶᠢᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号