ᠠᠶᠤᠩᠭ᠎ᠠ ᠭᠡᠳᠡᠭ ᠢ ᠬᠡᠷᠬᠢᠨ ᠦᠢᠯᠠᠭᠠᠬᠤ ᠪᠤᠢ
ᠨᠡᠶᠢᠲᠡᠯᠡᠭᠰᠡᠨ ᠴᠠᠭ᠄
2017/6/29
     ᠠᠶᠤᠩᠭ᠎ᠠ ᠭᠡᠳᠡᠭ ᠪᠤᠯ ᠬᠤᠷ᠎ᠠ ᠪᠤᠷᠤᠭᠠᠨ ᠤ ᠡᠬᠦᠯᠡ ᠴᠢᠩᠭ᠎ᠠ ᠪᠠᠷ ᠬᠤᠮᠠᠷᠠᠯᠳᠤᠨ ᠪᠥᠷᠢᠯᠳᠥᠬᠦ  ᠱᠠᠳᠤᠨ ᠎ ᠳᠠᠭᠠᠨ ᠡᠬᠦᠯᠡᠨ ᠲᠠᠪᠬᠤᠷᠭ᠎ᠠ ᠶᠢᠨ ᠬᠤᠭᠤᠷᠤᠨᠳᠤ᠂ ᠡᠬᠦᠯᠡ ᠭᠠᠵᠠᠷ ᠤᠨ ᠬᠤᠭᠤᠷᠤᠨᠳᠤ᠂ ᠡᠬᠦᠯᠡ ᠠᠭᠠᠷ  ᠎ ᠤᠨ ᠬᠤᠭᠤᠷᠤᠨᠳᠤ ᠳᠠᠬᠢ  ᠴᠠᠬᠢᠯᠭᠠᠨ ᠤ ᠪᠠᠶᠢᠷᠢ ᠶᠢᠨ ᠵᠥᠷᠢᠶ᠎ᠡ ᠨᠢ ᠵᠤᠬᠢᠬᠤ ᠭᠡᠮᠵᠢᠶᠡᠨ᠎ᠡ ᠬᠥᠷᠬᠦ ᠳᠤ ᠴᠠᠬᠢᠯᠭᠠᠨ  ᠲᠠᠯᠪᠢᠬᠤ ᠥᠵᠡᠭᠳᠡᠯ ᠡᠬᠦᠰᠳᠡᠭ᠃  ᠬᠥᠮᠥᠨ᠂ ᠪᠠᠷᠢᠯᠭ᠎ᠠ ᠪᠤᠶᠤ ᠡᠯ᠎ᠡ ᠵᠥᠢᠯ ᠤᠨ ᠪᠡᠯᠡᠳᠭᠡᠮᠵᠢ ᠳᠤ ᠠᠶᠤᠩᠭ᠎ᠠ ᠪᠠᠭᠤᠪᠠᠯ ᠶᠡᠷᠥ ᠠᠴᠠ ᠬᠥᠮᠥᠨ ᠥᠬᠦᠵᠤ ᠰᠢᠷᠬᠠᠳᠠᠬᠤ ᠪᠠ ᠠᠵᠤ ᠠᠬᠤᠢ ᠶᠢᠨ ᠬᠤᠬᠢᠷᠠᠯ ᠭᠠᠷᠳᠠᠭ᠃                   ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                   ○ ᠬᠥᠳᠡᠭᠡ ᠭᠠᠳᠠᠨ᠎ᠠ ᠰᠢᠬᠦᠷ ᠲᠡᠯᠭᠡᠬᠦ᠂ ᠲᠡᠷᠢᠶᠠᠯᠠᠩ ᠤᠨ ᠪᠠᠭᠠᠵᠢ᠂ ᠥᠳᠥᠨ ᠪᠥᠮᠪᠦᠭᠡ ᠶᠢᠨ ᠴᠤᠬᠢᠭᠤᠷ ᠪᠠ ᠭᠤᠯᠹ ᠪᠥᠮᠪᠦᠭᠡ ᠶᠢᠨ ᠴᠤᠬᠢᠭᠤᠷ ᠵᠡᠷᠭᠡ ᠶᠢ ᠮᠥᠷᠥᠨ ᠲᠡᠭᠡᠷ᠎ᠡ ᠪᠠᠨ ᠲᠠᠯᠪᠢᠬᠤ ᠠᠴᠠ   ᠰᠡᠷᠭᠡᠶᠢᠯᠡᠨ᠎ᠡ᠃                 ○ ᠴᠠᠬᠢᠯᠭᠠᠨ ᠤᠳᠠᠰᠤ᠂ ᠤᠰᠤᠨ ᠤ ᠬᠤᠭᠤᠯᠠᠢ᠂ ᠲᠡᠮᠥᠷ  ᠲᠤᠤᠷ᠂ ᠲᠡᠮᠦᠷᠯᠢᠭ ᠡᠬᠦᠳᠡ ᠴᠤᠩᠬᠤ᠂ ᠪᠠᠷᠢᠯᠭ᠎ᠠ  ᠎ ᠶᠢᠨ ᠭᠠᠳᠠᠭᠤᠷ ᠭᠡᠷᠡᠮ ᠲᠠᠢ ᠤᠢᠢᠷᠠᠳᠴᠤ ᠤᠭᠳᠤ ᠪᠤᠯᠬᠤ  ᠥᠭᠡᠢ᠂ ᠴᠠᠬᠢᠯᠭᠠᠨ ᠤᠳᠠᠰᠤ ᠵᠡᠷᠭᠡ ᠴᠠᠬᠢᠯᠭᠠᠨ ᠲᠠᠢ  ᠪᠡᠯᠡᠳᠭᠡᠮᠵᠢ ᠪᠤᠯᠤᠨ ᠪᠤᠰᠤᠳ ᠲᠡᠮᠦᠷᠯᠢᠭ ᠪᠤᠶᠤ  ᠲᠡᠮᠦᠷᠯᠢᠭ ᠲᠠᠢ ᠠᠳᠠᠯᠢᠪᠳᠤᠷ ᠪᠤᠳᠠᠰ ᠠᠴᠠ ᠬᠤᠯᠠ ᠪᠠᠶᠢᠬᠤ ᠶᠢ  ᠪᠠᠷᠢᠮᠳᠠᠯᠠᠨ᠎ᠠ᠃                   ○ ᠶᠡᠭᠡ ᠠᠶᠤᠩᠭ᠎ᠠ ᠨᠢᠷᠬᠢᠬᠦ ᠥᠶ᠎ᠡ ᠳᠤ᠂ ᠠᠶᠤᠩᠭ᠎ᠠ ᠰᠡᠷᠭᠡᠶᠢᠯᠡᠬᠦ ᠲᠤᠨᠤᠭᠯᠠᠯ ᠤᠭᠰᠤᠷᠠᠭᠰᠠᠨ ᠥᠭᠡᠢ ᠵᠢᠷᠤᠭᠳᠤ ᠷᠠᠳᠢᠤ᠋᠂ ᠺᠤᠮᠫᠢᠦ᠋ᠲ᠋ᠧᠷ᠂ ᠤᠳᠠᠰᠤ ᠪᠠᠷ ᠢᠨᠲ᠋ᠧᠷ ᠰᠥᠯᠵᠢᠶᠡᠨ ᠳᠤ ᠭᠠᠷᠬᠤ ᠵᠡᠷᠭᠡ ᠡᠯᠧᠺᠲᠷᠤᠨ  ᠪᠥᠳᠥᠭᠡᠭᠳᠡᠬᠦᠨ ᠭᠡᠷᠡᠭᠯᠡᠬᠦ ᠪᠠᠨ ᠵᠤᠭᠰᠤᠬᠤ ᠭᠡᠷᠡᠭᠳᠡᠢ᠃                   & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                   ◇ ᠭᠡᠷ ᠤᠨ ᠭᠠᠳᠠᠨᠠᠬᠢ ᠬᠥᠮᠥᠰ ᠠᠶᠤᠩᠭ᠎ᠠ ᠰᠡᠷᠭᠡᠶᠢᠯᠡᠬᠦ ᠪᠡᠯᠡᠳᠭᠡᠮᠵᠢ ᠤᠭᠰᠤᠷᠠᠭᠰᠠᠨ ᠪᠠᠷᠢᠯᠭ᠎ᠠ ᠪᠤᠶᠤ ᠮᠠᠰᠢᠨ ᠲᠡᠷᠭᠡᠨ ᠲᠤᠳᠤᠷ᠎ᠠ ᠲᠠᠯᠳᠠᠯᠠᠨ᠎ᠠ᠃                   ◇ ᠠᠶᠤᠯᠳᠠᠢ ᠴᠠᠬᠢᠯᠭᠠᠨ ᠤ ᠢᠷᠡᠯᠳᠡ ᠶᠢ ᠲᠠᠰᠤᠯᠵᠤ᠂ ᠠᠶᠤᠩᠭ᠎ᠠ ᠨᠢᠷᠭᠢᠭᠰᠡᠨ ᠠᠴᠠ ᠪᠤᠯᠵᠤ ᠭᠠᠯ  ᠎ ᠤᠨ ᠠᠶᠤᠯ  ᠡᠬᠦᠰᠬᠦ ᠶᠢ  ᠰᠡᠷᠭᠡᠶᠢᠯᠡᠵᠤ ᠪᠤᠯᠤᠨ᠎ᠠ᠃                   ◇ ᠵᠤᠷᠴᠢᠨ ᠶᠠᠪᠤᠭᠰᠠᠳ ᠮᠤᠳᠤ᠂ ᠴᠠᠬᠢᠯᠭᠠᠨ ᠤᠳᠠᠰᠤᠨ ᠤ ᠪᠠᠭᠠᠨ᠎ᠠ᠂ ᠰᠤᠪᠤᠷᠭᠠᠨ ᠭᠡᠯᠪᠡᠷᠢᠳᠤ  ᠲᠡᠬᠦᠵᠢᠯᠡᠬᠦ  ᠮᠠᠰᠢᠨ ᠤ ᠲᠤᠤᠷ᠎ᠠ ᠪᠤᠷᠤᠭᠠᠨ ᠠᠴᠠ ᠲᠠᠯᠳᠠᠯᠠᠵᠤ ᠪᠤᠯᠬᠤ ᠥᠭᠡᠢ᠃                   ◇ ᠬᠥᠳᠡᠭᠡ ᠭᠠᠳᠠᠨ᠎ᠠ ᠬᠠᠷᠮᠠᠨ ᠤᠳᠠᠰᠤ ᠭᠡᠷᠡᠭᠯᠡᠵᠤ ᠪᠤᠯᠬᠤ ᠥᠭᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号