ᠤᠢ ᠰᠢᠭᠤᠢ ᠨᠤᠳᠤᠭ ᠪᠡᠯᠴᠢᠭᠡᠷ ᠤᠨ ᠭᠠᠯ ᠤᠨ ᠠᠶᠤᠯ ᠢ ᠰᠡᠷᠭᠡᠶᠢᠯᠡᠬᠦ ᠲᠤᠬᠠᠢ
ᠨᠡᠶᠢᠲᠡᠯᠡᠭᠰᠡᠨ ᠴᠠᠭ᠄
2017/6/29
     ᠤᠢ ᠰᠢᠭᠤᠢ ᠨᠤᠳᠤᠭ ᠪᠡᠯᠴᠢᠭᠡᠷ ᠤᠨ ᠭᠠᠯ ᠤᠨ ᠠᠶᠤᠯ ᠭᠡᠳᠡᠭ ᠨᠢ ᠤᠢ ᠰᠢᠭᠤᠢ᠂ ᠰᠢᠭᠤᠢᠢᠳᠤ  ᠤᠷᠤᠨ᠂ ᠤᠢ ᠮᠤᠳᠤᠨ ᠤ ᠲᠥᠢᠮᠡᠷ ᠪᠠ ᠪᠠᠶᠢᠭᠠᠯᠢᠯᠢᠬ ᠡᠪᠡᠰᠤ ᠪᠡᠯᠴᠢᠭᠡᠷ᠂ ᠲᠡᠷᠢᠮᠠᠯ ᠡᠪᠡᠰᠤ ᠪᠡᠯᠴᠢᠭᠡᠷ ᠤᠨ  ᠲᠥᠢᠮᠡᠷ ᠢ ᠵᠢᠭᠠᠵᠤ ᠪᠠᠶᠢᠨ᠎ᠠ᠃              ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                      ᠤᠢ ᠰᠢᠭᠤᠢ ᠨᠤᠳᠤᠭ ᠪᠡᠯᠴᠢᠭᠡᠷ ᠤᠨ ᠲᠥᠢᠮᠡᠷ ᠢ ᠤᠯᠵᠤ ᠮᠡᠳᠡᠪᠡᠯ᠂ ᠲᠡᠷᠦ᠋ᠢᠬᠠᠨ ᠴᠠᠭᠳᠠᠭ᠎ᠠ ᠳᠤ ᠮᠡᠳᠡᠭᠦᠯᠬᠦ ᠭᠡᠷᠡᠭᠳᠡᠢ᠂ ᠴᠠᠭᠳᠠᠭ᠎ᠠ ᠳᠤ ᠮᠡᠳᠡᠬᠦᠯᠬᠦ ᠳᠡᠭᠡᠨ ᠲᠥᠢᠮᠡᠷ ᠤᠨ ᠭᠠᠵᠠᠷ ᠪᠠᠶᠢᠷᠢ᠂ ᠲᠥᠢᠮᠡᠷ ᠤᠨ ᠶᠡᠭᠡ  ᠪᠠᠭ᠎ᠠ ᠶᠢᠨ ᠪᠠᠶᠢᠳᠠᠯ᠂ ᠬᠥᠮᠥᠨ ᠠᠮᠢᠳᠠᠨ ᠥᠬᠦᠵᠤ ᠰᠢᠷᠬᠠᠳᠤᠭᠰᠠᠨ ᠡᠰᠡᠬᠦ ᠵᠢᠴᠢ ᠮᠡᠳᠡᠬᠦᠯᠥᠭᠰᠡᠨ ᠬᠥᠮᠥᠨ ᠤ ᠤᠪᠤᠭ ᠨᠡᠷ᠎ᠡ ᠪᠠ ᠬᠠᠷᠢᠯᠴᠠᠬᠤ  ᠭᠡᠯᠪᠡᠷᠢ ᠪᠠᠨ ᠲᠤᠳᠤᠷᠬᠠᠢ ᠮᠡᠳᠡᠭᠳᠡᠬᠦ ᠭᠡᠷᠡᠭᠳᠡᠢ᠃                      12119 ᠤᠳᠠᠰᠤ ᠪᠤᠯ ᠰᠥᠢᠳᠭᠡᠯ ᠬᠤᠷᠢᠶᠠᠬᠤ ᠥᠭᠡᠢ᠂ ᠮᠥᠡᠭᠬᠦ ᠰᠢᠷᠭᠤᠭᠤᠯᠬᠤ᠂ ᠺᠠᠷᠲ ᠵᠡᠷᠭᠡ  ᠤᠯᠠᠨ ᠨᠡᠶᠢᠳᠡ ᠶᠢᠨ ᠭᠡᠷᠡᠭᠯᠡᠭᠡᠨ ᠤ ᠤᠳᠠᠰᠤ ᠪᠠᠷ ᠴᠥᠮ ᠰᠢᠭᠤᠳ ᠤᠳᠠᠰᠤᠳᠠᠵᠤ ᠪᠤᠯᠤᠨ᠎ᠠ᠃                      ●ᠭᠠᠯ ᠲᠠᠯᠪᠢᠵᠤ ᠲᠠᠷᠤᠬᠤ᠄ ᠨᠡᠯᠢᠶᠡᠳ ᠠᠭᠤᠳᠠᠮ ᠲᠡᠭᠰᠢ ᠲᠡᠯ᠎ᠠ ᠳᠤ ᠪᠤᠯ ᠭᠤᠤᠯ ᠭᠤᠷᠤᠬ᠎ᠠ᠂ ᠵᠠᠮ  ᠱᠤᠭᠤᠮ ᠢᠶᠠᠷ ᠲᠥᠰᠢᠭ ᠪᠤᠯᠭᠠᠵᠤ᠂ ᠭᠠᠯ ᠲᠠᠯᠪᠢᠬᠤ ᠪᠠᠭᠠᠵᠢ ᠪᠠᠷ ᠡᠰᠡᠷᠬᠦ ᠵᠥᠭ ᠲᠤᠨᠢ ᠭᠠᠯ ᠲᠠᠯᠪᠢᠵᠤ᠂ ᠶᠡᠭᠡ  ᠲᠥᠢᠮᠡᠷ ᠤᠨ ᠡᠰᠡᠷᠬᠦ ᠵᠥᠭ ᠲᠤᠨᠢ ᠬᠥᠭᠵᠢᠭᠡᠵᠤ᠂ ᠲᠥᠢᠮᠡᠷ ᠤᠨ ᠬᠥᠴᠥᠨ ᠢ ᠬᠤᠷᠢᠭᠯᠠᠨ ᠲᠠᠷᠤᠵᠤ ᠠᠪᠤᠨ᠎ᠠ᠃                      ᠭᠤᠤᠯ ᠭᠤᠷᠤᠬ᠎ᠠ᠂ ᠵᠠᠮ ᠱᠤᠭᠤᠮ ᠥᠭᠡᠢ ᠪᠤᠯ ᠭᠠᠯ ᠲᠠᠯᠪᠢᠬᠤ ᠪᠠᠭᠠᠵᠢ ᠪᠠᠷ ᠤᠷᠤᠭᠤ ᠵᠥᠭ ᠲᠤᠨᠢ  ᠭᠠᠯ ᠲᠠᠯᠪᠢᠵᠤ᠂ ᠬᠥᠮᠥᠰ ᠭᠠᠯᠳᠠᠭᠰᠠᠨ ᠮᠥᠷ ᠢᠶᠠᠷ ᠪᠡᠶ᠎ᠡ ᠲᠠᠯᠳᠠᠯᠠᠬᠤ ᠶᠢᠨ ᠲᠠᠭᠠᠤ ᠭᠠᠷ ᠢᠶᠠᠷ ᠢᠶᠠᠨ ᠨᠦᠢᠳᠠᠨ ᠰᠢᠷᠤᠢ ᠎ ᠶᠢ ᠮᠠᠯᠳᠠᠨ ᠬᠤᠨᠭ᠍ᠬᠤᠢᠢᠯᠠᠵᠤ᠂ ᠨᠦᠢᠳᠠᠨ ᠰᠢᠷᠤᠢ ᠳᠤ ᠨᠠᠭᠠᠯᠳᠤᠨ ᠠᠮᠢᠰᠬᠤᠬᠤ ᠪᠤᠶᠤ ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠲᠠᠷᠤᠵᠤ᠂ ᠨᠡᠬᠦᠷᠡᠰᠥᠳᠦ᠋ᠷᠥᠭᠴᠢ ᠶᠢᠨ ᠲᠠᠩ ᠢᠰᠥᠯ ᠳᠤ ᠬᠤᠤᠷᠳᠠᠭᠳᠠᠬᠤ ᠠᠴᠠ  ᠰᠡᠷᠭᠡᠶᠢᠯᠡᠨ᠎ᠡ ᠃                   ●ᠰᠠᠯᠬᠢᠨ ᠢ ᠰᠥᠷᠥᠵᠤ ᠭᠠᠯ ᠤᠨ ᠱᠤᠭᠤᠮ ᠢ ᠰᠢᠪᠳᠤᠯᠤᠨ ᠭᠠᠷᠬᠤ᠄ ᠭᠠᠯ ᠲᠠᠯᠪᠢᠬᠤ ᠪᠤᠶᠤ  ᠪᠤᠰᠤᠳ ᠵᠥᠢᠯ  ᠎ ᠤᠨ ᠨᠥᠬᠦᠴᠡᠯ ᠥᠭᠡᠢ ᠥᠶᠡᠰ᠂ ᠰᠠᠯᠬᠢᠨ ᠤ ᠤᠷᠤᠭᠤ ᠬᠥᠶᠥᠵᠤ ᠤᠭᠳᠤ ᠪᠤᠯᠬᠤ ᠥᠭᠡᠢ᠂ ᠨᠢᠭᠡᠨᠳᠡ ᠰᠢᠳᠠᠵᠤ ᠥᠡᠭᠭᠡᠷᠡᠭᠰᠡᠨ ᠪᠤᠶᠤ ᠡᠪᠡᠰᠤ ᠪᠡᠯᠴᠢᠭᠡᠷ ᠰᠡᠶᠢᠷᠡᠭ᠂ ᠭᠠᠵᠠᠷ ᠲᠠᠯᠠᠪᠠᠢ ᠲᠡᠭᠰᠢ ᠭᠠᠵᠠᠷ ᠢ ᠰᠤᠩᠭᠤᠨ ᠬᠤᠪᠴᠠᠰᠤ ᠬᠤᠨᠠᠷ  ᠎ ᠢᠶᠠᠷ ᠢᠶᠠᠨ ᠲᠤᠯᠤᠭᠠᠢ ᠪᠠᠨ ᠪᠥᠳᠡᠭᠡᠵᠤ᠂ ᠰᠠᠯᠬᠢᠨ ᠤ ᠡᠰᠡᠷᠬᠦ ᠵᠥᠭ ᠭᠠᠯ ᠤᠨ ᠱᠤᠭᠤᠮ ᠢ  ᠰᠢᠪᠳᠤᠯᠤᠨ ᠭᠠᠷᠴᠤ ᠰᠢᠳᠠᠭᠳᠠᠭᠰᠠᠨ ᠭᠠᠵᠠᠷ ᠲᠡᠭᠡᠷ᠎ᠡ ᠭᠠᠷᠬᠤ ᠭᠡᠷᠡᠭᠳᠡᠢ᠃                   ●ᠡᠯᠢᠭᠡᠳᠡᠨ ᠭᠡᠪᠳᠡᠵᠤ ᠭᠠᠯ ᠤᠳᠤᠭ᠎ᠠ ᠠᠴᠠ ᠲᠠᠯᠳᠠᠯᠠᠬᠤ᠄ ᠭᠠᠯ ᠲᠠᠯᠪᠢᠵᠤ ᠲᠠᠷᠤᠵᠤ ᠵᠠᠪᠳᠤᠬᠤ  ᠥᠭᠡᠢ᠂ ᠤᠢᠢᠷᠠᠬᠠᠨ ᠭᠤᠤᠯ ᠪᠠᠶᠢᠬᠤ ᠪᠠ ᠡᠪᠡᠰᠤ ᠤᠷᠭᠤᠮᠠᠯ ᠥᠭᠡᠢ ᠪᠤᠶᠤ ᠤᠷᠭᠤᠮᠠᠯ ᠰᠡᠶᠢᠷᠡᠭ ᠪᠠᠶᠢᠬᠤ ᠰᠠᠯᠬᠢᠨ ᠤ ᠡᠰᠡᠷᠬᠦ  ᠲᠡᠭᠰᠢ ᠲᠠᠯ᠎ᠠ ᠲᠠᠢ ᠭᠠᠵᠠᠷ ᠪᠤᠯ ᠬᠤᠪᠴᠠᠰᠤ ᠪᠠᠨ ᠨᠤᠷᠠᠭᠠᠵᠤ ᠲᠤᠯᠤᠭᠠᠢ ᠪᠠᠨ ᠪᠥᠳᠡᠭᠡᠵᠤ᠂ ᠬᠤᠶᠠᠷ  ᠭᠠᠷ ᠢᠶᠠᠨ ᠴᠡᠭᠡᠵᠢᠨ ᠲᠡᠭᠡᠷ᠎ᠡ ᠲᠠᠯᠪᠢᠵᠤ᠂ ᠡᠯᠢᠭᠡᠳᠡᠨ ᠭᠡᠪᠳᠡᠵᠤ ᠭᠠᠯ ᠤᠳᠤᠭ᠎ᠠ ᠠᠴᠠ ᠲᠠᠯᠳᠠᠯᠠᠬᠤ ᠭᠡᠷᠡᠭᠳᠡᠢ᠃ ᠡᠯᠢᠭᠡᠳᠡᠨ ᠭᠡᠪᠳᠡᠬᠦ ᠳᠡᠭᠡᠨ ᠤᠳᠤᠭ᠎ᠠ ᠤᠨᠢᠶᠠᠷ ᠲᠤ ᠬᠠᠭ᠋ᠠᠵᠤ ᠪᠥᠳᠡᠬᠦ ᠠᠴᠠ ᠰᠡᠷᠭᠡᠶᠢᠯᠡᠬᠦ ᠶᠢᠨ ᠲᠤᠰᠠᠳᠠ᠂ ᠨᠦᠢᠳᠠᠨ  ᠠᠯᠴᠢᠭᠤᠷ ᠢᠶᠠᠷ ᠠᠮᠠ  ᠬᠠᠮᠠᠷ ᠢᠶᠠᠨ ᠲᠠᠷᠤᠬᠤ ᠶᠢᠨ ᠲᠠᠭᠠᠤ ᠭᠠᠵᠠᠷ ᠬᠤᠨᠭ᠍ᠬᠤᠢᠢᠯᠠᠨ ᠠᠮᠢᠰᠬᠤᠪᠠᠯ ᠤᠳᠤᠭᠠᠨ ᠤ  ᠭᠠᠯ ᠠᠴᠠ ᠵᠠᠶᠢᠯᠠᠵᠤ ᠪᠠᠷ  ᠪᠤᠳᠦᠯᠬᠢᠯᠠᠨ᠎ᠠ᠃ ᠶᠡᠭᠡ ᠲᠠᠮᠢᠷ ᠲᠠᠭᠠᠷᠢᠨ ᠢᠷᠡᠵᠤ᠂ ᠬᠥᠮᠥᠨ ᠤ ᠬᠥᠴᠤ ᠪᠠᠷ  ᠬᠤᠷᠢᠭᠯᠠᠵᠤ ᠲᠡᠶᠢᠯᠬᠦ ᠥᠭᠡᠢ ᠪᠤᠯᠤᠭᠰᠠᠨ ᠥᠶᠡᠰ᠂ ᠴᠠᠭ ᠮᠥᠴᠡ ᠵᠠᠪ ᠲᠠᠢ ᠯᠠ ᠪᠤᠯ ᠲᠥᠷᠭᠡᠨ ᠠᠮᠤᠷ ᠲᠥᠪᠰᠢᠨ  ᠭᠠᠵᠠᠷ ᠰᠢᠯᠵᠢᠵᠤ᠂ ᠥᠬᠦᠯ ᠰᠢᠷᠬᠠᠳᠤᠯ ᠠᠴᠠ ᠵᠠᠶᠢᠯᠠᠬᠤ ᠭᠡᠷᠡᠭᠳᠡᠢ᠃                    ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                   ◇10∶00 ~ 16∶00 ᠴᠠᠭ ᠤᠨ ᠬᠤᠭᠤᠷᠤᠨᠳᠤ ᠢᠯᠠᠩᠭᠤᠶ᠎ᠠ ᠥᠳᠡ ᠶᠢᠨ ᠬᠤᠶᠢᠨ᠎ᠠ ᠪᠤᠯ ᠰᠠᠯᠬᠢ ᠶᠡᠭᠡ ᠶᠠᠭᠤᠮ᠎ᠠ ᠬᠠᠭᠤᠷᠠᠢ᠂ ᠲᠥᠢᠮᠡᠷ ᠤᠨ ᠢᠯᠴᠢ ᠥᠨᠳᠥᠷ᠂ ᠴᠢᠬᠢᠭ ᠪᠠᠭ᠎ᠠ᠂ ᠰᠠᠯᠬᠢᠨ ᠤ ᠴᠢᠭᠯᠡᠯ ᠤᠨ  ᠬᠤᠪᠢᠷᠠᠯᠳᠠ  ᠲᠥᠷᠭᠡᠨ ᠪᠠᠶᠢᠳᠠᠭ ᠪᠤᠯᠬᠤᠷ ᠤᠢ ᠰᠢᠭᠤᠢ ᠶᠢᠨ ᠲᠥᠢᠮᠡᠷ ᠢ ᠤᠨᠳᠠᠷᠠᠭᠠᠬᠤ ᠳᠤ ᠲᠦᠢᠯ ᠤᠨ ᠠᠰᠢᠬ  ᠥᠭᠡᠢ ᠴᠠᠭ  ᠬᠤᠭᠤᠴᠠᠭ᠎ᠠ ᠪᠠ ᠴᠠᠭ ᠠᠭᠤᠷ ᠤᠨ ᠨᠥᠬᠦᠴᠡᠯ ᠪᠤᠯᠤᠨ᠎ᠠ᠃                   ◇ᠲᠥᠢᠮᠡᠷ ᠤᠨ ᠤᠷᠴᠢᠨ ᠳᠠᠬᠢ ᠰᠢᠳᠠᠮᠠᠭᠠᠢ ᠪᠤᠳᠠᠰ ᠤᠨ ᠲᠥᠪᠰᠢᠨ ᠪᠤᠯᠤᠨ ᠡᠭ᠍ᠴᠡ ᠲᠡᠷᠬᠠᠴᠠ ᠶᠢᠨ  ᠪᠠᠶᠢᠳᠠᠯ ᠨᠢ ᠤᠢ ᠶᠢᠨ ᠲᠥᠢᠮᠡᠷ ᠤᠨ ᠰᠢᠳᠠᠬᠤ ᠴᠢᠭᠯᠡᠯ ᠤᠨ ᠬᠤᠪᠢᠷᠠᠯᠳᠠ ᠶᠢ ᠨᠥᠯᠥᠭᠡᠯᠡᠳᠡᠭ᠃ ᠢᠯᠠᠩᠭᠤᠶ᠎ᠠ ᠪᠢᠯᠢᠭ  ᠴᠢᠨᠠᠷᠳᠠᠢ ᠰᠤᠯᠠ ᠡᠪᠡᠰᠤ ᠪᠤᠯᠤᠨ ᠨᠤᠴᠤᠮᠠᠳᠠᠭᠠᠢ ᠰᠥᠭᠡᠭ ᠮᠤᠳᠤᠨ ᠪᠥᠰᠡ ᠨᠢ ᠤᠢ ᠶᠢᠨ ᠲᠥᠢᠮᠡᠷ ᠤᠨ ᠥᠷᠪᠢᠰᠬᠦ  ᠬᠤᠷᠳᠤᠴᠠ ᠶᠢ  ᠭᠡᠨᠡᠳᠳᠡ ᠰᠢᠷᠥᠬᠦᠰᠭᠡᠵᠤ᠂ ᠤᠢ ᠶᠢᠨ ᠲᠥᠢᠮᠡᠷ ᠤᠨ ᠰᠢᠳᠠᠬᠤ ᠴᠢᠭᠯᠡᠯ ᠢ ᠥᠭᠡᠷᠡᠳᠡᠬᠦᠯᠵᠤ᠂ ᠶᠡᠭᠡ ᠬᠥᠴᠥᠳᠡᠢ ᠤᠢ ᠶᠢᠨ ᠲᠥᠢᠮᠡᠷ ᠢ ᠪᠤᠢ ᠪᠤᠯᠭᠠᠳᠠᠭ᠃ ᠰᠢᠳᠠᠮᠠᠬᠠᠢ ᠪᠤᠳᠠᠰ ᠤᠨ ᠡᠭ᠍ᠴᠡ ᠲᠡᠷᠬᠠᠯᠳᠠ ᠨᠢ  ᠢᠯᠡᠳᠳᠡ ᠪᠠᠶᠢᠳᠠᠭ ᠭᠠᠵᠠᠷ ᠲᠤ ᠭᠠᠵᠠᠷ ᠲᠡᠭᠡᠷᠡᠬᠢ ᠲᠥᠢᠮᠡᠷ ᠪᠠ ᠮᠤᠳᠤᠨ ᠤ ᠤᠷᠤᠢ ᠶᠢᠨ ᠭᠠᠯ ᠴᠤᠭ ᠲᠠᠭᠠᠨ  ᠡᠬᠦᠰᠴᠤ᠂ ᠪᠤᠰᠤᠭ᠎ᠠ ᠴᠤᠭᠴᠠ ᠪᠠᠷ ᠰᠢᠳᠠᠳᠠᠭ᠃                   ◇ᠤᠢ ᠶᠢᠨ ᠲᠥᠢᠮᠡᠷ ᠭᠠᠷᠤᠭᠰᠠᠨ ᠥᠶ᠎ᠡ ᠳᠤ ᠥᠬᠦᠯ ᠰᠢᠷᠬᠠᠳᠤᠯ ᠤᠨ ᠠᠳᠡᠯ ᠭᠠᠷᠳᠠᠭ ᠤᠨ ᠭᠤᠤᠯ  ᠰᠢᠯᠳᠠᠭᠠᠨ ᠨᠢ ᠭᠡᠪᠡᠯ᠄ ᠤᠢ ᠶᠢᠨ ᠲᠥᠢᠮᠡᠷ ᠤᠨ ᠰᠢᠳᠠᠯᠳᠠ ᠶᠢᠨ ᠴᠢᠭᠯᠡᠯ ᠤᠨ ᠬᠤᠪᠢᠷᠠᠯᠳᠠ ᠶᠢ ᠪᠤᠷᠤᠭᠤ ᠮᠠᠭᠠᠳᠯᠠᠭᠰᠠᠨ ᠠᠴᠠ ᠪᠤᠯᠳᠠᠭ︔ ᠰᠠᠯᠬᠢᠨ ᠤᠷᠤᠭᠤ ᠲᠤᠳᠠᠭᠠᠵᠤ ᠵᠠᠶᠢᠯᠠᠭᠰᠠᠨ ᠠᠴᠠ ᠪᠤᠯᠳᠠᠭ︔ ᠡᠪᠡᠰᠤ ᠪᠡᠯᠴᠢᠭᠡᠷ  ᠪᠤᠶᠤ ᠰᠤᠯᠠ ᠪᠤᠳᠠ ᠰᠥᠭᠡᠭ ᠲᠤ ᠲᠠᠯᠳᠠᠯᠠᠭᠰᠠᠨ ᠠᠴᠠ ᠪᠤᠯᠳᠠᠭ︔ ᠭᠠᠵᠠᠷ ᠤᠨ ᠪᠠᠶᠢᠴᠠ ᠶᠢᠨ ᠨᠥᠬᠦᠴᠡᠯ ᠢ  ᠲᠤᠳᠤᠷᠬᠠᠢ ᠮᠡᠳᠡᠬᠦ ᠥᠭᠡᠢ᠂ ᠲᠥᠢᠮᠡᠷ ᠠᠴᠠ ᠵᠠᠶᠢᠯᠠᠬᠤ ᠠᠮᠤᠷ ᠲᠥᠪᠰᠢᠨ ᠤᠷᠤᠨ ᠪᠠᠶᠢᠭᠤᠯᠤᠭᠰᠠᠨ ᠥᠭᠡᠢ ᠠᠴᠠ  ᠪᠤᠯᠳᠠᠭ︔ ᠥᠳᠭᠡᠨ ᠤᠳᠤᠭᠠᠨ ᠳᠤ ᠬᠠᠭ᠋ᠠᠵᠤ ᠪᠥᠭᠯᠡᠷᠡᠭᠰᠡᠨ ᠪᠠ ᠥᠨᠳᠥᠷ ᠬᠠᠯᠠᠭᠤᠨ ᠳᠤ ᠬᠠᠯᠠᠵᠤ ᠰᠢᠷᠬᠠᠳᠠᠭᠰᠠᠨ  ᠎ ᠠᠴᠠ ᠪᠤᠯᠳᠠᠭ︔ ᠤᠢ ᠶᠢᠨ ᠲᠥᠢᠮᠡᠷ ᠲᠤ ᠭᠡᠳᠥᠷᠭᠡᠢ ᠠᠶᠤᠵᠤ ᠭᠡᠯᠮᠡᠭᠳᠡᠭᠰᠡᠨ ᠠᠴᠠ ᠪᠤᠯᠳᠠᠭ︔ ᠪᠠᠭ᠎ᠠ ᠭᠠᠯ ᠢ  ᠪᠠᠰᠤᠮᠵᠢᠯᠠᠭᠰᠠᠨ ᠪᠠ ᠰᠢᠳᠠᠭᠰᠠᠨ ᠮᠤᠳᠤ᠂ ᠴᠢᠯᠠᠭᠤᠨ ᠳᠤ ᠴᠤᠬᠢᠭᠳᠠᠭᠰᠠᠨ ᠠᠴᠠ ᠪᠤᠯᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号