ᠬᠠᠪᠰᠤᠷᠤᠨ ᠲᠡᠳᠬᠦᠬᠦ ᠬᠦᠴᠦᠨ ᠳᠤ ᠬᠠᠮᠤᠭ ᠤᠯᠠᠨ ᠤ ᠰᠡᠳᠬᠢᠯ ᠲᠤᠯᠠᠭᠠᠨ
ᠨᠡᠶᠢᠲᠡᠯᠡᠭᠰᠡᠨ ᠴᠠᠭ᠄
2017/6/29
       — ᠲᠤᠮᠳᠠᠳᠦ ᠬᠤᠰᠢᠭᠤᠨ ᠤ ᠡᠮᠳᠦ ᠶᠢᠨ ᠭᠤᠤᠯ ᠰᠤᠮᠦ ᠶᠢᠨ ᠤᠤᠵᠢᠯᠠᠭ᠎ᠠ ᠭᠠᠴᠠᠭᠠᠨ ᠤ ᠨᠢᠭᠡᠳᠦᠭᠡᠷ ᠱᠦᠵᠢ ᠵᠧᠩ ᠶᠦᠨ ᠬᠠᠢ ᠶᠢᠨ ᠠᠷᠠᠳ ᠲᠠᠭᠠᠨ ᠦᠢᠯᠡᠴᠢᠯᠡᠭᠰᠡᠨ ᠠᠵᠢᠯᠯᠠᠭ᠎ᠠ ᠶᠢ ᠲᠡᠮᠳᠡᠭᠯᠡᠪᠡ        ᠪᠤᠯᠤᠩ ᠡᠬᠢᠯᠡᠬᠦ ᠦᠭᠡ᠄            ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠠᠮᠵᠢᠯᠳᠠ ᠲᠠᠢ ᠬᠤᠷᠠᠯᠳᠤᠬᠤ ᠶᠢ ᠤᠭᠳᠤᠬᠤ ᠶᠢᠨ ᠲᠦᠯᠦᠭᠡ᠂ ᠲᠤᠰ ᠰᠤᠨᠢᠨ ᠦᠨᠦᠳᠦᠷ ᠠᠴᠠ ᠡᠬᠢᠯᠡᠨ ︽ᠡᠷᠡᠮᠡᠭᠡᠶᠢᠯᠡᠨ ᠲᠠᠪᠰᠢᠭᠰᠠᠨ ᠲᠠᠪᠤᠨ ᠵᠢᠯ︾ ᠭᠡᠬᠦ ᠪᠤᠯᠤᠩ ᠨᠡᠭᠡᠭᠡᠨ᠂ ᠶᠡᠷᠦᠩᠭᠡᠢ ᠱᠦᠵᠢ ᠰᠢ ᠶᠢᠨ ᠫᠢᠩ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶ᠎ᠠ ᠶᠢᠨ ᠲᠦᠷᠦ ᠶᠢ ᠵᠠᠰᠠᠵᠦ ᠵᠠᠰᠠᠭ ᠢ ᠡᠷᠬᠢᠯᠡᠬᠦ ᠰᠢᠨ᠎ᠡ ᠤᠢᠢᠯᠠᠭᠠᠭᠳᠠᠬᠤᠨ ᠰᠢᠨ᠎ᠡ ᠦᠵᠡᠯ ᠰᠠᠨᠠᠭ᠎ᠠ ᠰᠢᠨ᠎ᠡ ᠪᠠᠶᠢᠯᠳᠤᠬᠤ ᠪᠤᠳᠤᠯᠭ᠎ᠠ ᠶᠢ ᠬᠢᠩᠭᠠᠨ ᠠᠶᠢᠮᠠᠭ ᠲᠤ ᠠᠮᠢᠳᠤᠯᠢᠭ ᠢᠶᠠᠷ ᠦᠢᠯᠡᠳᠦᠯᠭᠡᠵᠢᠬᠦᠯᠦᠭᠰᠡᠨ ᠪᠠ ᠠᠤᠭ᠎ᠠ ᠶᠡᠭᠡ ᠦᠷ᠎ᠠ ᠪᠦᠳᠦᠮᠵᠢ ᠭᠠᠷᠭᠠᠭᠰᠠᠨ ᠢ ᠪᠦᠬᠦ ᠲᠠᠯ᠎ᠠ ᠪᠠᠷ ᠲᠡᠯᠭᠡᠨ ᠦᠵᠡᠬᠦᠯᠵᠦ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢᠬᠢ ᠪᠦᠬᠦ ᠠᠶᠢᠮᠠᠬ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠤ ᠠᠮᠢᠳᠤᠷᠠᠯ ᠤᠨ ᠰᠢᠨ᠎ᠡ ᠬᠤᠪᠢᠷᠠᠯᠳᠠ ᠪᠠ ᠬᠦᠷᠳᠡᠮᠵᠢ ᠶᠢᠨ ᠲᠦᠷᠦᠭᠳᠡᠯ ᠢ ᠬᠦᠢᠴᠡᠳ ᠬᠠᠷᠠᠭᠤᠯᠵᠦ᠂ ᠮᠠᠨ ᠤ ᠠᠶᠢᠮᠠᠭ ᠤᠨ ᠦᠭᠡᠷᠡᠴᠢᠯᠡᠯᠳᠡ ᠬᠦᠭᠵᠢᠯᠳᠡ ᠲᠤᠮᠳᠠ ᠴᠤᠯᠭᠤᠷᠠᠭᠰᠠᠨ ᠨᠡᠶᠢᠳᠡᠯᠢᠭ ᠲᠤᠷᠰᠢᠯᠭ᠎ᠠ ᠪᠤᠯᠤᠨ ᠲᠡᠷᠢᠬᠦᠨ ᠤ ᠬᠦᠮᠦᠰ ᠤᠨ ᠦᠢᠯᠡ ᠠᠵᠢᠯᠯᠠᠭ᠎ᠠ ᠶᠢ ᠬᠦᠨᠵᠡᠭᠡᠢ ᠰᠤᠷᠪᠤᠯᠵᠢᠯᠠᠨ ᠲᠡᠮᠳᠡᠭᠯᠡᠵᠦ᠂ ᠪᠦᠬᠦ ᠤᠷᠤᠨ ᠤ ᠺᠠᠳ᠋ᠷ ᠤᠯᠠᠨ ᠲᠦᠮᠡᠨ ᠤ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠢ ᠤᠭᠳᠤᠬᠤ ᠪᠤᠳᠠᠳᠦ ᠠᠵᠢᠯᠯᠠᠭ᠎ᠠ ᠪᠤᠯᠤᠨ ᠬᠠᠯᠠᠭᠤᠨ ᠬᠦᠰᠡᠯ ᠢ ᠢᠯᠡᠷᠡᠬᠦᠯᠬᠦ ᠪᠠᠷ ᠪᠠᠶᠢᠨ᠎ᠠ᠃ ᠲᠠᠭᠠᠰᠢᠶᠠᠨ ᠰᠤᠨᠢᠷᠬᠠᠮᠤ᠃  ︽ᠡᠨᠡ ᠵᠢᠯ ᠶᠠᠭᠤ ᠲᠠᠷᠢᠬᠤ ᠪᠠᠷ ᠪᠡᠯᠡᠳᠭᠡᠵᠦ ᠪᠠᠶᠢᠬᠤ ᠪᠤᠢ︖︾ ︽ᠡᠨᠡ ᠵᠢᠯ ᠲᠠᠷᠢᠶ᠎ᠠ ᠪᠠᠨ ᠲᠠᠷᠢᠬᠤ ᠳᠤ ᠶᠠᠮᠠᠷ ᠬᠦᠴᠢᠷᠳᠡᠯ ᠲᠠᠢ ᠪᠤᠢ︖︾ ᠬᠠᠪᠤᠷ ᠤᠨ ᠲᠠᠷᠢᠶᠠᠯᠠᠭ᠎ᠠ ᠶᠢᠨ ᠶᠠᠭᠠᠷᠠᠯᠳᠠᠢ ᠴᠠᠭ ᠬᠦᠷᠴᠦ ᠢᠷᠡᠬᠦ ᠶᠢ ᠲᠠᠭᠠᠯᠳᠤᠨ᠂ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠡᠮᠳᠦ ᠶᠢᠨ ᠭᠤᠤᠯ ᠰᠤᠮᠦ ᠶᠢᠨ ᠤᠤᠵᠢᠯᠠᠭ᠎ᠠ ᠭᠠᠴᠠᠭᠠᠨ ᠤ ᠨᠢᠭᠡᠳᠦᠭᠡᠷ ᠱᠦᠵᠢ ᠵᠧᠩ ᠬᠠᠢ ᠶᠦᠨ ᠲᠠᠩᠰᠠ ᠡᠪᠬᠡᠮᠡᠯ ᠪᠠᠶᠢᠭᠤᠯᠤᠭᠰᠠᠨ ᠶᠠᠳᠠᠭᠤ ᠬᠦᠴᠢᠷᠳᠡᠢ ᠡᠷᠦᠭᠡ ᠪᠠᠷ ᠬᠦᠨᠵᠡᠭᠡᠶᠢᠷᠡᠨ ᠪᠠᠶᠢᠳᠠᠯ ᠢ ᠤᠢᠢᠯᠠᠭᠠᠵᠦ ᠶᠠᠭᠠᠷᠠᠨ᠎ᠠ᠃           ᠵᠧᠩ ᠬᠠᠢ ᠶᠦᠨ  ᠪᠤᠯ ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠠ ᠶᠢᠨ ᠠᠵᠢᠯᠳᠠᠨ ᠪᠤᠯᠤᠨ᠎ᠠ᠃ 2013 ᠤᠨ ᠳᠤ ᠤᠤᠵᠢᠯᠠᠭ᠎ᠠ ᠭᠠᠴᠠᠭ᠎ᠠ ᠶᠢᠨ ᠨᠢᠭᠡᠳᠦᠭᠡᠷ ᠱᠦᠵᠢ ᠪᠤᠯᠤᠭᠰᠠᠨ ᠠᠴᠠ ᠨᠠᠰᠢ᠂ ᠲᠡᠷᠡ ᠲᠤᠰᠬᠤᠨ ᠳᠤ ᠰᠠᠭᠤᠵᠦ ᠰᠢᠷᠭᠠᠭᠤ ᠬᠠᠳᠠᠭᠤᠵᠢᠯᠳᠠᠢ ᠠᠵᠢᠯᠯᠠᠨ᠂ ᠴᠦᠬᠦᠷᠡᠰᠢ ᠦᠭᠡᠢ ᠴᠢᠷᠮᠠᠶᠢᠯᠭ᠎ᠠ ᠪᠠᠷ ᠲᠠᠮᠵᠢᠨ ᠤᠤᠯ ᠤᠨ ᠭᠤᠷᠪᠠᠳᠤᠭᠠᠷ ᠲᠦᠷᠦᠯ ᠤᠨ ᠶᠠᠳᠠᠭᠤ ᠬᠤᠴᠤᠷᠤᠩᠭᠤᠢ ᠭᠠᠴᠠᠭ᠎ᠠ ᠶᠢ ᠨᠢᠭᠡᠳᠦᠭᠡᠷ ᠲᠦᠷᠦᠯ ᠤᠨ ᠪᠠᠶᠠᠨ ᠴᠢᠨᠡᠭᠡᠯᠢᠭ ᠭᠠᠴᠠᠭ᠎ᠠ ᠪᠤᠯᠭᠠᠨ ᠬᠤᠪᠢᠷᠠᠭᠤᠯᠤᠭᠰᠠᠨ ᠪᠠᠶᠢᠨ᠎ᠠ᠃           ︽ᠡᠷᠦᠭᠡ ᠶᠢᠨ ᠪᠠᠶᠢᠳᠠᠯ ᠢ ᠤᠢᠢᠯᠠᠭᠠᠬᠤ︾ ᠪᠤᠯ ᠵᠧᠩ ᠶᠦᠨ ᠬᠠᠢ ᠤᠤᠵᠢᠯᠠᠭ᠎ᠠ ᠭᠠᠴᠠᠭ᠎ᠠ ᠳᠤ ᠢᠷᠡᠭᠰᠡᠨ ᠤ ᠲᠠᠷᠠᠭᠠᠬᠢ ᠨᠢᠭᠡᠳᠦᠭᠡᠷ ᠠᠵᠢᠯ ᠪᠤᠯᠤᠨ᠎ᠠ᠃ ᠲᠡᠷᠡ ᠡᠷᠦᠭᠡ ᠲᠠᠷᠠᠭᠠᠯᠠᠨ ᠠᠰᠠᠭᠤᠨ ᠰᠤᠷᠪᠤᠯᠵᠢᠯᠠᠵᠦ᠂ ᠤᠯᠠᠨ ᠲᠦᠮᠡᠨ ᠲᠠᠢ ᠰᠡᠳᠬᠢᠯ ᠤᠨ ᠦᠭᠡ ᠪᠠᠨ ᠶᠠᠷᠢᠯᠴᠠᠨ᠂ ᠬᠦᠨᠵᠡᠭᠡᠢ ᠰᠢᠨᠵᠢᠯᠡᠨ ᠰᠤᠳᠤᠯᠤᠯᠳᠠ ᠬᠢᠵᠦ᠂ ᠭᠠᠴᠠᠭᠠᠨ ᠤ ︽ᠬᠤᠶᠠᠷ ᠵᠦᠪᠯᠡᠯ︾᠎ ᠤᠨ ᠤᠳᠤᠷᠢᠳᠬᠤ ᠪᠠᠭ ᠲᠠᠢ ᠲᠤᠰᠬᠠᠢ ᠬᠤᠷᠠᠯ ᠬᠤᠷᠠᠯᠳᠤᠭᠤᠯᠵᠦ᠂ ᠤᠤᠵᠢᠯᠠᠭ᠎ᠠ ᠭᠠᠴᠠᠭᠠᠨ ᠤ ᠶᠡᠷᠦᠩᠭᠡᠢ ᠪᠠᠶᠢᠳᠠᠯ ᠢ ᠪᠦᠬᠦ ᠲᠠᠯ᠎ᠠ ᠪᠠᠷ ᠡᠵᠡᠮᠰᠢᠵᠡᠢ᠃           ᠲᠠᠩᠰᠠ ᠡᠪᠬᠡᠮᠡᠯ ᠪᠠᠶᠢᠭᠤᠯᠤᠨ᠂ ᠲᠦᠯᠦᠪᠯᠡᠭᠡ ᠲᠤᠭᠳᠠᠭᠠᠬᠤ ᠪᠤᠯ ᠵᠧᠩ ᠶᠦᠨ ᠬᠠᠢ ᠤᠤᠵᠢᠯᠠᠭ᠎ᠠ ᠭᠠᠴᠠᠭ᠎ᠠ ᠳᠤ ᠢᠷᠡᠭᠰᠡᠨ ᠤ ᠲᠠᠷᠠᠭ᠎ᠠ ᠬᠢᠭᠰᠡᠨ ᠬᠤᠶᠠᠳᠤᠭᠠᠷ ᠠᠵᠢᠯ ᠪᠤᠯᠤᠨ᠎ᠠ᠃ ᠭᠠᠴᠠᠭ᠎ᠠ ᠶᠢᠨ ᠶᠠᠳᠠᠭᠤ ᠬᠦᠴᠢᠷᠳᠡᠢ ᠡᠷᠦᠭᠡ ᠶᠢᠨ ᠪᠠᠶᠢᠳᠠᠯ ᠢ ᠤᠢᠢᠯᠠᠭᠠᠭᠰᠠᠨ ᠤ ᠲᠠᠷᠠᠭ᠎ᠠ᠂ ᠲᠡᠷᠡ ᠶᠠᠳᠠᠭᠤ ᠬᠦᠴᠢᠷᠳᠡᠢ ᠡᠷᠦᠭᠡ ᠳᠤ ᠴᠢᠭᠯᠡᠬᠦᠯᠦᠨ ᠠᠵᠦ ᠦᠢᠯᠡᠰ ᠢᠶᠠᠷ ᠶᠠᠳᠠᠭᠤ ᠶᠢ ᠲᠡᠳᠬᠦᠬᠦ ᠲᠦᠯᠦᠪᠯᠡᠭᠡ ᠲᠤᠭᠳᠠᠭᠠᠨ ᠬᠡᠷᠡᠭᠵᠢᠬᠦᠯᠵᠡᠢ᠃ ᠶᠠᠳᠠᠭᠤ ᠬᠦᠴᠢᠷᠳᠡᠢ ᠤᠯᠠᠨ ᠲᠦᠮᠡᠨ ᠳᠤ ᠨᠡᠩ ᠰᠠᠶᠢᠨ ᠢᠶᠠᠷ ᠦᠢᠯᠡᠴᠢᠯᠡᠨ᠂ ᠨᠠᠮ ᠵᠠᠰᠠᠭ ᠤᠨ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠶᠢ ᠳᠡᠳᠡᠡ ᠳᠤ ᠨᠡᠩ ᠰᠠᠶᠢᠨ ᠢᠶᠠᠷ ᠤᠢᠢᠯᠠᠭᠠᠭᠤᠯᠬᠤ ᠪᠠᠷ᠂ ᠵᠧᠩ ᠶᠦᠨ ᠬᠠᠢ ᠶᠠᠳᠠᠭᠤ ᠬᠦᠴᠢᠷᠳᠡᠢ ᠡᠷᠦᠭᠡ ᠶᠢ ᠲᠠᠭᠠᠭᠤᠯᠤᠨ ᠨᠠᠮ ᠪᠠ ᠵᠠᠰᠠᠭ ᠤᠨ ᠤᠷᠳᠤᠨ ᠤ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠶᠢ ᠨᠠᠷᠢᠨ ᠨᠢᠭᠳᠠ ᠰᠤᠷᠤᠯᠴᠠᠭᠤᠯᠤᠭᠰᠠᠨ ᠪᠠᠶᠢᠨ᠎ᠠ᠃ ︽ᠪᠢᠳᠡ ᠶᠠᠳᠠᠭᠤ ᠠᠴᠠ ᠠᠩᠬᠢᠵᠢᠷᠠᠭᠤᠯᠬᠤ ᠠᠵᠢᠯ ᠢ ᠬᠢᠬᠦ ᠳᠤ ᠬᠠᠮᠤᠭ ᠤᠷᠢᠳᠠᠪᠡᠷ ᠶᠠᠳᠠᠭᠤ ᠬᠦᠴᠢᠷᠳᠡᠯᠳᠡᠢ ᠪᠠᠶᠢᠬᠤ ᠦᠨᠳᠦᠰᠦ ᠶᠢ ᠡᠷᠢᠬᠦ ᠬᠡᠷᠡᠭᠳᠡᠢ᠂ ᠶᠠᠳᠠᠭᠤ ᠬᠦᠴᠢᠷᠳᠡᠯᠳᠡᠢ ᠡᠷᠤᠭᠡ ᠶᠢᠨ ᠪᠤᠳᠠᠳᠠᠢ ᠪᠠᠶᠢᠳᠠᠯ ᠳᠤᠨᠢ ᠴᠢᠭᠯᠡᠬᠦᠯᠦᠨ ᠪᠦᠳᠦᠮᠵᠢᠳᠡᠢ ᠠᠷᠭ᠎ᠠ ᠬᠡᠮᠵᠢᠶ᠎ᠠ ᠠᠪᠤᠪᠠᠯ ᠶᠠᠳᠠᠭᠤ ᠠᠴᠠ ᠠᠩᠬᠢᠵᠢᠷᠠᠭᠤᠯᠬᠤ ᠠᠵᠢᠯ ᠢ ᠤᠯᠠᠮ ᠤᠷᠤᠭᠰᠢᠳᠠᠢ ᠶᠠᠪᠤᠭᠳᠠᠭᠤᠯᠵᠦ ᠴᠢᠳᠠᠨ᠎ᠠ᠃ ᠵᠠᠰᠠᠭ ᠤᠨ ᠤᠷᠳᠤᠨ ᠤ ᠲᠡᠮᠵᠢᠯᠭᠡ ᠲᠤᠤᠷ᠎ᠠ ᠶᠠᠳᠠᠭᠤ ᠬᠦᠴᠢᠷᠳᠡᠢ ᠠᠷᠠᠳ ᠲᠦᠷᠦ ᠶᠢᠨ ᠪᠤᠳᠤᠯᠭ᠎ᠠ ᠶᠢᠨ ᠰᠤᠷᠠᠭ ᠵᠠᠩᠬᠢ ᠪᠠᠷ ᠦᠪᠡᠷ ᠢᠶᠠᠨ ᠶᠠᠳᠠᠭᠤ ᠠᠴᠠ ᠠᠩᠬᠢᠵᠢᠷᠠᠬᠤ ᠪᠠᠷ ᠴᠢᠷᠮᠠᠶᠢᠪᠠᠯ ᠲᠤᠰ ᠠᠵᠢᠯ ᠨᠡᠩ ᠤᠷᠤᠭᠰᠢᠳᠠᠢ ᠶᠠᠪᠤᠭᠳᠠᠵᠦ ᠴᠢᠳᠠᠨ᠎ᠠ︾ ᠭᠡᠵᠦ ᠵᠧᠩ ᠬᠠᠢ ᠶᠦᠨ ᠶᠠᠳᠠᠭᠤ ᠠᠴᠠ ᠠᠩᠬᠢᠵᠢᠷᠠᠭᠤᠯᠬᠤ ᠠᠵᠢᠯ ᠤᠨ ᠲᠤᠬᠠᠢ ᠶᠠᠷᠢᠨ᠎ᠠ᠃            ︽ᠡᠮᠦᠨ᠎ᠡ ᠬᠡᠳᠦᠨ ᠡᠳᠦᠷ ᠤᠨ ᠨᠠᠮ ᠤᠨ ᠡᠳᠦᠷᠯᠢᠭ ᠤᠨ ᠠᠵᠢᠯᠯᠠᠭ᠎ᠠ ᠳᠤ᠂ ᠮᠠᠨ ᠤ ᠵᠧᠩ ᠱᠦᠵᠢ ᠶᠢᠨ ᠬᠡᠯᠡᠭᠰᠡᠨ ᠦᠭᠡ ᠲᠦᠢᠯ ᠤᠨ ᠴᠢᠭᠯᠡᠯᠳᠤ ᠴᠢᠨᠠᠷ ᠲᠠᠢ᠃ ᠮᠠᠨ ᠤ ᠨᠠᠮ ᠤᠨ ᠭᠡᠰᠢᠭᠦᠳ ᠤᠷᠢᠳᠠᠪᠡᠷ ᠪᠠᠶᠠᠵᠢᠭᠰᠠᠨ ᠤ ᠲᠠᠷᠠᠭ᠎ᠠ ᠦᠪᠡᠷ ᠤᠨ ᠵᠢᠱᠢᠶ᠎ᠡ ᠦᠵᠡᠬᠦᠯᠬᠦ ᠦᠢᠯᠡᠳᠦᠯ ᠢᠶᠠᠨ ᠬᠦᠢᠴᠡᠳ ᠪᠠᠳᠠᠷᠠᠭᠤᠯᠵᠦ᠂ ᠲᠡᠷᠭᠡᠳᠡ ᠶᠢᠨ ᠶᠠᠳᠠᠭᠤ ᠬᠦᠴᠢᠷᠳᠡᠢ ᠤᠯᠠᠨ ᠲᠦᠮᠡᠨ ᠢᠶᠠᠨ ᠲᠠᠶᠢᠴᠢᠯᠠᠨ ᠶᠠᠳᠠᠭᠤ ᠠᠴᠠ ᠠᠩᠬᠢᠵᠢᠷᠠᠨ᠎ᠠ︾ ᠭᠡᠵᠦ ᠤᠤᠵᠢᠯᠠᠭ᠎ᠠ ᠭᠠᠴᠠᠭ᠎ᠠ ᠶᠢᠨ ᠠᠬᠠᠮᠡᠳ ᠨᠠᠮ ᠤᠨ ᠭᠡᠰᠢᠭᠦᠨ ᠯᠢᠦ ᠬᠦᠢ ᠶᠢᠩ ᠦᠪᠡᠷ ᠤᠨ ᠦᠵᠡᠯᠳᠡ ᠲᠠᠨᠢᠯᠳᠠ ᠪᠠᠨ ᠬᠡᠯᠡᠨ᠎ᠠ᠃            ᠭᠠᠴᠠᠭᠠᠨ ᠤ ᠨᠠᠮ ᠤᠨ ᠭᠡᠰᠢᠭᠦᠨ ᠺᠠᠳ᠋ᠷ ᠪᠤᠯᠤᠨ ᠠᠷᠠᠳ ᠤᠯᠠᠨ ᠤ ᠮᠢᠬ᠎ᠠ ᠴᠢᠰᠤᠨ ᠤ ᠬᠠᠷᠢᠴᠠᠭ᠎ᠠ ᠶᠢ ᠤᠯᠠᠮ ᠢᠶᠠᠷ ᠨᠢᠭᠳᠠᠷᠠᠭᠤᠯᠬᠤ ᠪᠠᠷ᠂ ᠡᠨᠡ ᠵᠢᠯ ᠤᠨ ᠡᠬᠢᠨ ᠳᠤ ᠵᠧᠩ ᠶᠦᠨ ᠬᠠᠢ ᠲᠤᠰ ᠭᠠᠴᠠᠭᠠᠨ ᠤ 18 ᠨᠡᠷᠡᠰ ᠨᠠᠮ ᠤᠨ ᠭᠡᠰᠢᠭᠦᠨ ᠺᠠᠳ᠋ᠷ ᠢ ᠵᠤᠬᠢᠶᠠᠨ ᠪᠠᠶᠢᠭᠤᠯᠵᠤ ᠪᠦᠬᠦ ᠭᠠᠴᠠᠭᠠᠨ ᠤ 362 ᠡᠷᠦᠭᠡ ᠲᠠᠢ ᠬᠤᠤᠰᠯᠠᠯ ᠪᠠᠶᠢᠭᠤᠯᠵᠦ᠂ ᠬᠠᠪᠰᠤᠷᠤᠨ ᠲᠡᠳᠬᠦᠬᠦ ᠬᠠᠮᠳᠦ ᠶᠢᠨ ᠬᠦᠴᠦ ᠶᠢ ᠪᠦᠷᠢᠯᠳᠦᠬᠦᠯᠦᠭᠰᠡᠨ ᠪᠠᠶᠢᠨ᠎ᠠ᠃           ᠪᠦᠬᠦ ᠭᠠᠴᠠᠭᠠᠨ ᠤ ᠨᠡᠶᠢᠳᠡ ᠶᠢᠨ ᠠᠵᠦ ᠠᠬᠤᠢ ᠶᠢᠨ ᠬᠦᠭᠵᠢᠯᠳᠡ ᠶᠢ ᠲᠦᠷᠭᠡᠳᠭᠡᠬᠦ ᠪᠠᠷ ᠵᠧᠩ ᠬᠠᠢ ᠶᠦᠨ  ᠤᠤᠵᠢᠯᠠᠭ᠎ᠠ ᠭᠠᠴᠠᠭᠠᠨ ᠤ ᠡᠬᠢ ᠪᠠᠶᠠᠯᠢᠭ ᠪᠠ ᠵᠠᠬ᠎ᠠ ᠲᠡᠯᠭᠡᠭᠦᠷ ᠤᠨ ᠱᠠᠭᠠᠷᠳᠠᠯᠭ᠎ᠠ ᠲᠠᠢ ᠤᠶᠠᠯᠳᠤᠭᠤᠯᠵᠦ᠂ ᠪᠤᠬᠢᠷᠳᠤᠯ ᠦᠭᠡᠢ ᠤᠷᠭᠠᠨᠢᠭ ᠲᠠᠷᠢᠶᠠᠯᠠᠩ ᠢ ᠬᠦᠭᠵᠢᠬᠦᠯᠬᠦ ᠪᠠᠷ ᠳᠠᠮᠵᠢᠨ ᠶᠠᠳᠠᠭᠤ ᠬᠦᠴᠢᠷᠳᠡᠢ ᠡᠷᠦᠭᠡ ᠶᠢᠨ ‍ᠠᠳᠠᠭᠤ ᠠᠴᠠ ᠠᠩᠬᠢᠵᠢᠷᠠᠭᠤᠯᠬᠤ ᠶᠢ ᠲᠦᠷᠭᠡᠳᠭᠡᠭᠰᠡᠨ ᠪᠠᠶᠢᠨ᠎ᠠ᠃ ᠤᠳᠤᠬᠠᠨ ᠳᠤ᠂ ᠲᠤᠰ ᠭᠠᠴᠠᠭ᠎ᠠ ᠶᠠᠭ ᠪᠤᠬᠢᠷᠳᠤᠯ ᠦᠭᠡᠢ ᠤᠷᠭᠠᠨᠢᠭ ᠪᠦᠳᠦᠭᠡᠭᠳᠡᠬᠦᠨ ᠤ ᠲᠠᠸᠠᠷ ᠤᠨ ᠲᠡᠮᠳᠡᠭ ᠢ ᠲᠠᠩᠰᠠᠯᠠᠬᠤ ᠠᠵᠢᠯ ᠢᠶᠠᠨ ᠬᠦᠢᠴᠡᠳᠭᠡᠵᠦ᠂ ᠦᠷᠭᠡᠨ ᠤᠯᠠᠨ ᠲᠦᠮᠡᠨ ᠳᠤ ᠬᠠᠩᠭᠠᠨ ᠪᠤᠷᠤᠯᠠᠭᠤᠯᠬᠤ ᠲᠠᠪᠴᠠᠩ ᠢ ᠪᠠᠶᠢᠭᠤᠯᠤᠨ ᠦᠭᠴᠦ ᠪᠤᠢ᠃ ᠭᠠᠴᠠᠭᠠᠨ ᠤ ᠭᠠᠵᠠᠷ ᠤᠷᠤᠨ ᠤ ᠲᠠᠪᠠᠭᠤᠯᠢᠭ ᠲᠠᠯ᠎ᠠ ᠪᠠ ᠭᠠᠵᠠᠷ ᠵᠦᠢ ᠶᠢᠨ ᠨᠦᠬᠦᠴᠡᠯ ᠳᠤ ᠲᠦᠰᠢᠭᠯᠡᠨ᠂ ᠵᠧᠩ ᠬᠠᠢ ᠶᠦᠨ  ᠪᠠᠰᠠ ᠤᠤᠵᠢᠯᠠᠭ᠎ᠠ ᠭᠠᠴᠠᠭᠠᠨ ᠤ ᠬᠤᠶᠢᠳᠦ ᠠᠭᠤᠯᠠᠨ ᠲᠡᠭᠡᠷ᠎ᠠ 180 ᠮᠦ ᠬᠡᠭᠡᠷ᠎ᠠ ᠶᠢᠨ ᠲᠠᠤᠯᠠᠢ ᠶᠢᠨ ᠪᠦᠭᠡᠷ᠎ᠠ ᠶᠢᠨ ᠵᠢᠮᠢᠰ ᠤᠨ ᠮᠤᠳᠦ ᠶᠢᠨ ᠰᠠᠭᠤᠷᠢᠨ ᠭᠠᠵᠠᠷ ᠪᠠᠶᠢᠭᠤᠯᠵᠠᠢ᠃           ︽ᠮᠠᠨ ᠤ ᠬᠡᠭᠡᠷ᠎ᠠ ᠶᠢᠨ ᠲᠠᠤᠯᠠᠢ ᠶᠢᠨ ᠪᠦᠭᠡᠷ᠎ᠠ ᠶᠢᠨ ᠵᠢᠮᠢᠰ ᠨᠢᠭᠡ ᠵᠢᠩ ᠨᠢ 60 ᠲᠦᠭᠦᠷᠢᠭ ᠬᠦᠷᠦᠨ᠎ᠠ ᠭᠡᠵᠤ ᠮᠢᠨᠦ ᠰᠠᠨᠠᠭᠠᠨ ᠳᠤ ᠴᠦ ᠤᠷᠤᠭᠰᠠᠨ ᠦᠭᠡᠢ︾ ᠭᠡᠵᠦ ᠤᠤᠵᠢᠯᠠᠭ᠎ᠠ ᠭᠠᠴᠠᠭ᠎ᠠ ᠶᠢᠨ ᠭᠠᠴᠠᠭᠠᠨ ᠲᠠᠷᠤᠭ᠎ᠠ ᠰᠢᠶᠤᠤ ᠱᠧᠨ ᠸᠧᠨ ᠪᠠᠶᠠᠷᠯᠠᠨ ᠬᠡᠯᠡᠨ᠎ᠠ᠃ ︽ᠭᠤᠷᠪᠠᠨ ᠵᠢᠯ ᠤᠨ ᠳᠠᠷᠠᠭ᠎ᠠ᠂ ᠰᠠᠭᠤᠷᠢᠨ ᠭᠠᠵᠠᠷ ᠪᠦᠬᠦᠨ ᠢᠶᠠᠷ ᠢᠶᠠᠨ ᠠᠵᠦ ᠠᠬᠤᠢ ᠶᠢᠨ ᠦᠷ᠎ᠠ ᠠᠰᠢᠭ ᠲᠠᠢ ᠪᠤᠯᠵᠦ᠂ ᠵᠢᠯ ᠪᠦᠷᠢ ᠭᠠᠴᠠᠭᠠᠨ ᠤ ᠨᠡᠶᠢᠳᠡ ᠶᠢᠨ ᠠᠵᠦ ᠠᠬᠤᠢ ᠶᠢᠨ ᠤᠷᠤᠯᠭ᠎ᠠ ᠶᠢ 5 ᠲᠦᠮᠡᠨ ᠲᠦᠭᠦᠷᠢᠭ ᠠᠴᠠ ᠲᠡᠭᠡᠭᠰᠢ ᠨᠡᠮᠡᠭᠳᠡᠬᠦᠯᠬᠦ ᠪᠤᠯᠤᠨ᠎ᠠ︾ ᠭᠡᠵᠦ ᠵᠧᠩ ᠶᠦᠨ ᠬᠠᠢ ᠰᠡᠳᠬᠢᠯ ᠲᠤᠭᠳᠤᠯᠤᠨ ᠶᠠᠷᠢᠨ᠎ᠠ᠃                                                       ᠪᠠᠢ ᠵᠢᠶᠦ᠋ᠨ ᠬᠤᠸᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号