— ᠲᠤᠮᠳᠠᠳᠦ ᠬᠤᠰᠢᠭᠤᠨ ᠤ ᠲᠦᠷᠦᠯᠵᠢ ᠪᠠᠯᠭᠠᠰᠦ ᠶᠢᠨ ᠰᠠᠶᠢᠬᠠᠨ ᠠᠭᠤᠯᠠ ᠭᠠᠴᠠᠭ᠎ᠠ ᠶᠢᠨ ᠨᠢᠭᠡᠳᠦᠭᠡᠷ | ᠱᠦᠵᠢ ᠱᠢ ᠢᠤᠢ ᠨᠢᠦ ᠶᠢ ᠲᠡᠮᠳᠡᠭᠯᠡᠪᠡ | ● ᠦᠷᠳᠡᠭᠡᠨ ᠳᠤ ᠰᠠᠭᠤᠭ᠎ᠠ ᠰᠤᠷᠪᠤᠯᠵᠢᠯᠠᠭᠴᠢ ᠮᠧᠩ ᠲᠢᠶᠠᠨ ᠯᠢᠶᠠᠩ ᠴᠢᠮᠡᠭᠡᠯᠡᠭᠴᠢ ᠰᠦᠨ ᠯᠢ ᠨᠠ | ᠬᠤᠷᠴᠢᠨ ᠪᠠᠷᠠᠭᠤᠨ ᠭᠠᠷᠤᠨ ᠲᠤᠮᠳᠠᠳᠦ ᠬᠤᠰᠢᠭᠤᠨ ᠤ ᠲᠦᠷᠦᠯᠵᠢ ᠪᠠᠯᠭᠠᠰᠦ ᠶᠢᠨ ᠰᠠᠶᠢᠬᠠᠨ ᠠᠭᠤᠯᠠ | ᠭᠠᠴᠠᠭ᠎ᠠ ᠳᠤ ᠬᠦᠷᠬᠦ ᠳᠤ ᠲᠡᠷᠢ ᠲᠡᠭᠰᠢ ᠲᠤᠭᠤᠰᠬᠠᠨ ᠪᠠᠶᠢᠰᠢᠩ ᠵᠢᠭᠳᠡᠷᠡᠨ ᠬᠠᠷᠠᠭᠳᠠᠵᠦ᠂ ᠡᠷᠦᠭᠡ ᠪᠦᠷᠢ ᠶᠢᠨ | ᠡᠭᠦᠳᠡᠨ ᠳᠤ ᠲᠡᠭᠰᠢ ᠲᠠᠷᠳᠠᠩ ᠱᠦᠢᠨᠢ ᠵᠠᠮ ᠨᠡᠪᠳᠡᠷᠡᠨ᠎ᠠ᠃ ᠡᠳᠡᠭᠡᠷ ᠬᠤᠪᠢᠷᠠᠯᠳᠠ ᠶᠢ ᠬᠠᠷᠠᠭᠰᠠᠨ ᠭᠠᠴᠠᠭᠠᠨ ᠤ | ᠠᠷᠠᠳ ᠶᠢᠨ ᠪᠤᠤ ᠨᠢᠭᠤᠷ ᠲᠦᠬᠦᠷᠡᠩ ᠢᠨᠢᠶᠡᠳᠦ ᠲᠠᠢ ᠪᠠᠷ᠄ ︽ᠡᠳᠡᠭᠡᠷ ᠬᠤᠪᠢᠷᠠᠯᠳᠠ ᠨᠢ ᠪᠦᠷ ᠯᠡ ᠮᠠᠨ ᠤ | ᠨᠢᠭᠡᠳᠦᠭᠡᠷ ᠱᠦᠵᠢ ᠱᠢ ᠢᠤᠢ ᠨᠢᠦ ᠶᠢᠨ ᠲᠠᠶᠢᠴᠢᠯᠠᠨ ᠲᠠᠭᠠᠭᠤᠯᠭ᠎ᠠ ᠶᠢᠨ ᠰᠠᠶᠢᠨ ᠶᠤᠮ ᠡ︕ ᠠᠷᠠᠳ ᠤᠯᠠᠨ ᠢ | ᠪᠠᠶᠠᠵᠢᠭᠤᠯᠬᠤ ᠶᠢ ᠦᠪᠡᠷ ᠤᠨ ᠬᠠᠷᠢᠭᠤᠴᠠᠯᠭ᠎ᠠ ᠪᠠᠨ ᠪᠤᠯᠭᠠᠭᠰᠠᠨ ᠱᠦᠵᠢ ᠶᠤᠮ ᠰᠢᠦ︕︾ ᠭᠡᠵᠦ ᠬᠡᠯᠡᠨ᠎ᠠ᠃ | | ᠱᠢ ᠢᠤᠢ ᠨᠢᠦ ᠪᠤᠯ ᠲᠤᠮᠳᠠᠳᠦ ᠬᠤᠰᠢᠭᠤᠨ ᠤ ᠨᠠᠮ ᠤᠨ ᠬᠤᠷᠢᠶ᠎ᠠ ᠶᠢᠨ ᠠᠯᠪᠠᠨ ᠭᠡᠷ ᠤᠨ ᠶᠡᠷᠦᠩᠭᠡᠢ | ᠰᠠᠯᠠᠭ᠎ᠠ ᠶᠢᠨ ᠨᠠᠷᠢᠨ ᠪᠢᠴᠢᠭᠡᠴᠢ ᠪᠤᠯᠤᠨ᠎ᠠ᠃ 2016 ᠤᠨ ᠤ 5 ᠰᠠᠷ᠎ᠠ ᠶᠢᠨ 17 ᠤ ᠡᠳᠦᠷ ᠲᠡᠷᠡ ᠲᠦᠷᠦᠯᠵᠢ | ᠪᠠᠯᠭᠠᠰᠦ ᠶᠢᠨ ᠰᠠᠶᠢᠬᠠᠨ ᠠᠭᠤᠯᠠ ᠭᠠᠴᠠᠭ᠎ᠠ ᠶᠢᠨ ᠨᠢᠭᠡᠳᠦᠭᠡᠷ ᠱᠦᠵᠢ ᠪᠤᠯᠤᠭᠰᠠᠨ ᠠᠴᠠ ᠨᠠᠰᠢ᠂ ᠭᠠᠴᠠᠭᠠᠨ ᠤ | ᠡᠷᠦᠭᠡ ᠪᠦᠷᠢ ᠪᠠᠷ ᠬᠦᠨᠵᠡᠭᠡᠶᠢᠷᠡᠨ ᠪᠤᠳᠠᠳᠠᠢ ᠪᠠᠶᠢᠳᠠᠯ ᠢ ᠤᠢᠢᠯᠠᠭᠠᠬᠤ ᠶᠢᠨ ᠬᠠᠮᠳᠦ ᠶᠠᠳᠠᠭᠤ ᠬᠦᠴᠢᠷᠳᠡᠢ ᠡᠷᠦᠭᠡ ᠶᠢᠨ | ᠶᠠᠳᠠᠭᠤᠷᠠᠭᠰᠠᠨ ᠰᠢᠯᠳᠠᠭᠠᠨ ᠢ ᠦᠨᠳᠦᠰᠦᠯᠡᠨ᠂ ᠡᠷᠦᠭᠡ ᠪᠦᠷᠢ ᠳᠤ ᠶᠠᠳᠠᠭᠤ ᠠᠴᠠ ᠠᠩᠬᠢᠵᠢᠷᠠᠬᠤ ᠲᠦᠯᠦᠪᠯᠡᠭᠡ | ᠲᠤᠭᠳᠠᠭᠠᠭᠰᠠᠨ ᠪᠠᠶᠢᠨ᠎ᠠ᠃ ᠮᠠᠯᠴᠢᠨ ᠲᠠᠷᠢᠶᠠᠴᠢᠨ ᠲᠠᠢ ᠤᠯᠠᠨ ᠤᠳᠠᠭ᠎ᠠ ᠰᠠᠨᠠᠯ ᠢᠶᠠᠨ ᠰᠤᠯᠢᠯᠴᠠᠭᠰᠠᠨ ᠤ ᠰᠡᠬᠦᠯᠡᠷ᠂ | ᠤᠯᠠᠩᠬᠢ ᠮᠠᠯᠴᠢᠨ ᠲᠠᠷᠢᠶᠠᠴᠢᠨ ᠭᠠᠴᠠᠭᠠᠨ ᠤ ᠰᠠᠭᠤᠷᠢ ᠲᠦᠬᠦᠭᠡᠷᠦᠮᠵᠢ ᠶᠢ ᠰᠠᠶᠢᠵᠢᠷᠠᠭᠤᠯᠬᠤ ᠶᠢ ᠬᠠᠮᠤᠭ ᠢᠯᠡᠭᠦᠤ | ᠬᠦᠰᠡᠵᠦ ᠪᠠᠶᠢᠬᠤ ᠶᠢ ᠤᠢᠢᠯᠠᠭᠠᠪᠠ᠃ ᠡᠨᠡ ᠪᠠᠶᠢᠳᠠᠯ ᠳᠤ ᠴᠢᠭᠯᠡᠬᠦᠯᠦᠨ᠂ ᠱᠢ ᠢᠤᠢ ᠨᠢᠦ ᠤᠯᠠᠨ ᠲᠠᠯ᠎ᠠ ᠠᠴᠠ | ᠲᠡᠮᠵᠢᠯᠭᠡ ᠭᠤᠶᠤᠴᠢᠯᠠᠵᠦ᠂ 100 ᠲᠡᠭᠰᠢ ᠲᠦᠷᠪᠡᠯᠵᠢᠨ ᠮᠧᠳ᠋ᠷ ᠲᠠᠯᠠᠪᠠᠢ ᠲᠠᠢ ᠭᠠᠴᠠᠭᠠᠨ ᠤ ᠰᠤᠶᠤᠯ ᠤᠨ | ᠠᠵᠢᠯᠯᠠᠭᠠᠨ ᠤ ᠦᠷᠦᠭᠡ ᠪᠠ ᠡᠷᠡᠬᠦᠯ ᠬᠠᠮᠠᠭᠠᠯᠠᠯ ᠤᠨ ᠲᠠᠰᠤᠭ ᠪᠠᠶᠢᠭᠤᠯᠤᠨ᠂ 8000 ᠮᠧᠳ᠋ᠷ ᠡᠪᠳᠡᠷᠭᠡᠢ ᠬᠦᠷᠢᠶ᠎ᠡ | ᠬᠠᠰᠢᠶ᠎ᠠ ᠶᠢ ᠵᠠᠰᠠᠨ ᠰᠢᠨᠡᠳᠭᠡᠵᠦ᠂ 1 ᠺᠢᠯᠤᠮᠧᠲᠷ ᠤᠷᠳᠤ ᠱᠦᠢᠨᠢ ᠵᠠᠮ ᠲᠡᠪᠢᠰᠴᠦ᠂ 60 ᠵᠠᠮ ᠤᠨ ᠳ᠋ᠧᠩ | ᠤᠭᠰᠠᠷᠠᠭᠤᠯᠵᠦ᠂ 3800 ᠲᠡᠭᠰᠢ ᠲᠦᠷᠪᠡᠯᠵᠢᠨ ᠮᠧᠳ᠋ᠷ ᠲᠠᠯᠠᠪᠠᠢ ᠲᠠᠢ ᠠᠭᠤᠳᠠᠮ ᠲᠠᠯᠠᠪᠠᠢ ᠪᠠᠶᠢᠭᠤᠯᠤᠨ᠂ ᠱᠦᠢᠨᠢ | ᠵᠠᠮ ᠤᠨ ᠬᠤᠶᠠᠷ ᠬᠠᠵᠠᠭᠤ ᠪᠠᠷ 600 ᠰᠠᠭᠤᠷᠢ ᠬᠠᠶᠢᠯᠠᠰᠤᠨ ᠮᠤᠳᠦ ᠵᠠᠶᠢᠯᠠᠵᠦ᠂ 11 ᠨᠤᠷᠠᠬᠤ ᠠᠶᠤᠯᠳᠡᠢ ᠭᠡᠷ | ᠪᠠᠶᠢᠰᠢᠩ ᠢ ᠵᠠᠰᠠᠨ ᠰᠢᠨᠡᠳᠭᠡᠭᠰᠡᠨ ᠪᠠᠶᠢᠨ᠎ᠠ᠃ | ︽ᠰᠠᠶᠢᠬᠠᠨ ᠠᠭᠤᠯᠠ ᠭᠠᠴᠠᠭᠠᠨ ᠤ ᠶᠠᠳᠠᠭᠤ ᠬᠦᠴᠢᠷᠳᠡᠢ ᠡᠷᠦᠭᠡ ᠶᠢᠨ ᠶᠠᠳᠠᠭᠤᠷᠠᠭᠰᠠᠨ ᠰᠢᠯᠳᠠᠭᠠᠨ ᠨᠢ | ᠪᠦᠷ ᠡᠪᠡᠳᠴᠢᠨ ᠠᠴᠠ ᠪᠤᠯᠤᠭᠰᠠᠨ ᠶᠤᠮ᠃ ᠤᠨᠢᠨ ᠲᠡᠭᠡᠷ᠎ᠠ ᠨᠢ ᠶᠠᠳᠠᠭᠤ ᠶᠢ ᠲᠡᠳᠬᠦᠬᠦ ᠳᠤ ᠪᠢᠳᠡ ᠶᠠᠳᠠᠭᠤ | ᠬᠦᠴᠢᠷᠳᠡᠢ ᠡᠷᠦᠭᠡ ᠪᠦᠷᠢ ᠶᠢᠨ ᠪᠤᠳᠠᠳᠠᠢ ᠪᠠᠶᠢᠳᠠᠯ ᠢ ᠦᠨᠳᠦᠰᠦᠯᠡᠨ ᠤᠯᠠᠨ ᠠᠷᠭ᠎ᠠ ᠵᠠᠮ ᠢᠶᠠᠷ ᠬᠠᠪᠰᠤᠷᠤᠨ | ᠲᠡᠳᠬᠦᠪᠡᠯ ᠰᠠᠶ᠋ᠢ ᠲᠡᠳᠡᠨ ᠢ ᠲᠦᠷᠭᠡᠨ ᠶᠠᠳᠠᠭᠤ ᠠᠴᠠ ᠠᠩᠬᠢᠵᠢᠷᠠᠭᠤᠯᠵᠦ ᠲᠡᠶᠢᠯᠦᠨ᠎ᠠ᠂ ᠠᠷᠠᠳ ᠤᠯᠠᠨ ᠢ | ᠪᠠᠶᠠᠵᠢᠭᠤᠯᠬᠤ ᠪᠤᠯ ᠮᠢᠨᠦ ᠬᠠᠷᠢᠭᠤᠴᠠᠯᠭ᠎ᠠ ᠮᠦᠨ︾ ᠭᠡᠵᠦ ᠱᠢ ᠢᠤᠢ ᠨᠢᠦ ᠤᠨᠢᠨ ᠲᠡᠭᠡᠷ᠎ᠠ ᠨᠢ ᠶᠠᠳᠠᠭᠤ ᠶᠢ | ᠲᠡᠳᠬᠦᠬᠦ ᠠᠵᠢᠯ ᠤᠨ ᠲᠤᠬᠠᠢ ᠤᠢᠢᠯᠠᠭᠠᠯᠳᠠ ᠪᠠᠨ ᠬᠡᠯᠡᠨ᠎ᠠ᠃ ᠶᠠᠳᠠᠭᠤ ᠬᠦᠴᠢᠷᠳᠡᠢ ᠡᠷᠦᠭᠡ ᠶᠢᠨ ᠤᠷᠤᠯᠭ᠎ᠠ ᠶᠢᠨ | ᠨᠡᠮᠡᠭᠳᠡᠯ ᠢ ᠠᠬᠢᠭᠤᠯᠬᠤ ᠪᠠᠷ᠂ ᠱᠢ ᠢᠤᠢ ᠨᠢᠦ ︽ᠭᠤᠷᠪᠠ ᠶᠢ ᠲᠤᠰᠬᠤᠨ ᠳᠤ ᠬᠦᠷᠭᠡᠵᠦ ᠭᠤᠷᠪᠠ ᠶᠢ ᠡᠷᠦᠭᠡ ᠳᠤ | ᠬᠦᠷᠭᠡᠬᠦ︾ ᠲᠦᠷᠦᠯ ᠵᠦᠢᠯ ᠤᠨ ᠪᠡᠯᠡ ᠮᠦᠩᠬᠦ ᠶᠢ ᠨᠢᠭᠡᠳᠭᠡᠨ᠂ ᠶᠠᠳᠠᠭᠤ ᠬᠦᠴᠢᠷᠳᠡᠢ ᠡᠷᠦᠭᠡ ᠶᠢᠨ ᠬᠦᠮᠦᠨ | ᠪᠦᠷᠢ ᠳᠤ 2 — 4 ᠬᠤᠨᠢ ᠬᠤᠳᠠᠯᠳᠤᠨ ᠠᠪᠴᠦ ᠦᠭᠪᠡ᠃ ᠡᠭᠦᠨ ᠤ ᠬᠠᠮᠳᠦ 60 ᠲᠦᠮᠡᠨ ᠲᠦᠭᠦᠷᠢᠭ ᠤᠨ | ᠦᠷᠳᠡᠭ ᠲᠠᠢ ᠲᠤᠮᠦ ᠬᠡᠯᠪᠡᠷᠢ ᠶᠢᠨ ᠲᠠᠷᠢᠬᠤ ᠮᠠᠰᠢᠨ ᠪᠠ ᠬᠠᠳᠤᠵᠦ ᠬᠤᠷᠢᠶᠠᠬᠤ ᠮᠠᠰᠢᠨ ᠬᠤᠳᠠᠯᠳᠤᠨ ᠠᠪᠴᠦ᠂ | ᠭᠠᠴᠠᠭᠠᠨ ᠤ ᠨᠡᠶᠢᠳᠡ ᠶᠢᠨ ᠬᠦᠷᠦᠩᠭᠡ ᠪᠤᠯᠭᠠᠪᠠ᠃ ᠨᠢᠳᠤᠨᠤᠨ ᠵᠢᠯ ᠳᠤ᠂ ᠲᠡᠷᠡ ᠶᠠᠳᠠᠭᠤ ᠬᠦᠴᠢᠷᠳᠡᠢ ᠡᠷᠦᠭᠡ ᠶᠢᠨ | ᠬᠦᠮᠦᠨ ᠪᠦᠷᠢ ᠳᠤ 7000 — 10000 ᠲᠦᠭᠦᠷᠢᠭ ᠤᠨ ᠪᠠᠷᠢᠮᠵᠢᠶ᠎ᠠ ᠪᠠᠷ ᠦᠨᠢᠶ᠎ᠡ ᠬᠤᠳᠠᠯᠳᠤᠨ ᠠᠪᠴᠦ | ᠦᠭᠴᠦ᠂ ᠡᠨᠡ ᠵᠢᠯ ᠳᠤ ᠪᠠᠰᠠ 1800 ᠮᠦ ᠬᠠᠭᠤᠷᠠᠢ ᠲᠠᠷᠢᠶ᠎ᠠ ᠶᠢ ᠤᠰᠤᠨ ᠲᠠᠷᠢᠶ᠎ᠠ ᠪᠤᠯᠭᠠᠬᠤ ᠪᠠᠷ ᠴᠢᠷᠮᠠᠶᠢᠨ᠂ | ᠶᠠᠳᠠᠭᠤ ᠬᠦᠴᠢᠷᠳᠡᠢ ᠡᠷᠦᠭᠡ ᠶᠢᠨ ᠤᠷᠤᠯᠭ᠎ᠠ ᠶᠢ ᠤᠯᠠᠨ ᠲᠠᠯ᠎ᠠ ᠠᠴᠠ ᠨᠡᠮᠡᠭᠳᠡᠬᠦᠯᠬᠦ ᠪᠠᠷ ᠴᠢᠷᠮᠠᠶᠢᠵᠦ ᠪᠠᠶᠢᠨ᠎ᠠ᠃ | | ᠰᠠᠶᠢᠬᠠᠨ ᠠᠭᠤᠯᠠ ᠭᠠᠴᠠᠭᠠᠨ ᠤ ᠮᠠᠯᠴᠢᠨ ᠲᠠᠷᠢᠶᠠᠴᠢᠨ ᠤ ᠰᠡᠳᠬᠢᠯ ᠳᠤ ᠱᠢ ᠢᠤᠢ ᠨᠢᠦ ᠮᠠᠯᠴᠢᠨ ᠲᠠᠷᠢᠶᠠᠴᠢᠨ ᠢᠶᠠᠨ | ᠲᠠᠭᠠᠭᠤᠯᠤᠨ ᠪᠠᠶᠠᠵᠢᠯ ᠤᠨ ᠵᠠᠮ ᠳᠤ ᠤᠷᠤᠭᠤᠯᠤᠭᠰᠠᠨ ᠢᠶᠠᠷ ᠪᠠᠷᠠᠬᠤ ᠦᠭᠡᠢ ᠲᠡᠳᠡᠨᠡᠷ ᠤᠨ ᠬᠦᠨᠳᠦᠳᠭᠡᠨ ᠪᠢᠰᠢᠷᠡᠳᠡᠭ | ︽ᠲᠤᠳᠤᠨᠤ ᠱᠦᠵᠢ︾ ᠪᠤᠯᠤᠭᠰᠠᠨ ᠪᠠᠶᠢᠨ᠎ᠠ᠃ ᠶᠠᠳᠠᠭᠤ ᠬᠦᠴᠢᠷᠳᠡᠢ ᠡᠷᠦᠭᠡ ᠲᠤᠭᠳᠠᠬᠤ ᠶᠢᠨ ᠬᠦᠦ ᠨᠢ | ᠰᠤᠷᠭᠠᠭᠤᠯᠢ ᠪᠠᠨ ᠲᠡᠬᠦᠰᠦᠭᠰᠡᠨ ᠤ ᠰᠡᠬᠦᠯᠡᠷ᠂ ᠠᠵᠢᠯ ᠤᠯᠬᠤ ᠦᠭᠡᠢ ᠵᠤᠪᠠᠨᠢᠵᠦ ᠪᠠᠶᠢᠭᠰᠠᠨ ᠳᠤ ᠱᠢ ᠢᠤᠢ ᠨᠢᠦ | ᠲᠤᠮᠳᠠᠳᠦ ᠬᠤᠰᠢᠭᠤᠨ ᠤ ᠸᠠᠩ ᠯᠦᠩ ᠮᠠᠰᠢᠨ ᠲᠡᠷᠭᠡ ᠶᠢᠨ ᠬᠤᠳᠠᠯᠳᠤᠭᠠᠨ ᠤ ᠺᠤᠮᠫᠠᠨᠢ ᠳᠤ ᠠᠵᠢᠯ ᠤᠯᠭᠤᠵᠦ | ᠦᠭᠴᠦ᠂ ᠤᠳᠤ ᠰᠠᠷ᠎ᠠ ᠪᠦᠷᠢ 4000 ᠲᠦᠭᠦᠷᠢᠭ ᠤᠨ ᠴᠠᠯᠢᠩ ᠤᠯᠵᠦ ᠪᠤᠢ᠃ | ︽ᠮᠠᠨ ᠤ ᠱᠢ ᠱᠦᠵᠢ ᠪᠠᠶᠢᠬᠰᠠᠨ ᠦᠭᠡᠢ ᠶᠤᠮ ᠪᠤᠯ ᠮᠠᠨᠤᠰ ᠰᠢᠨ᠎ᠡ ᠲᠤᠭᠤᠰᠬᠠᠨ ᠭᠡᠷ ᠲᠤ ᠰᠠᠭᠤᠵᠦ | ᠲᠡᠶᠢᠯᠬᠦ ᠦᠭᠡᠢ ᠶᠤᠮ᠃ ᠮᠢᠨᠦ ᠬᠦᠦ ᠶᠢᠨ ᠵᠡᠮᠳᠡᠭ ᠬᠦᠮᠦᠨ ᠤ ᠨᠦᠬᠦᠪᠦᠷᠢ ᠶᠢ ᠴᠦ ᠱᠢ ᠱᠦᠵᠢ ᠤᠯᠵᠦ ᠦᠭᠬᠦᠭᠰᠡᠨ | ᠪᠠᠶᠢᠨ᠎ᠠ︾ ᠭᠡᠵᠦ ᠶᠠᠳᠠᠭᠤ ᠬᠦᠴᠢᠷᠳᠡᠢ ᠲᠠᠷᠢᠶᠠᠴᠢᠨ ᠪᠠᠢ ᠯᠢᠶᠠᠨ ᠪᠤᠤ ᠰᠡᠳᠬᠢᠯ ᠲᠤᠭᠳᠤᠯᠤᠨ ᠬᠡᠯᠡᠨ᠎ᠠ᠃ ᠡᠨᠡ ᠵᠢᠯ | 64 ᠨᠠᠰᠤᠳᠠᠢ ᠪᠠᠢ ᠯᠢᠶᠠᠨ ᠪᠤᠤ ᠬᠦᠦ ᠲᠠᠢ ᠬᠤᠶᠠᠭᠤᠯᠠ ᠪᠠᠨ 20 ᠭᠠᠷᠤᠢ ᠵᠢᠯ ᠪᠤᠯᠤᠭᠰᠠᠨ ᠡᠪᠳᠡᠷᠬᠡᠢ ᠬᠠᠭᠤᠴᠢᠨ | ᠰᠢᠷᠤᠢ ᠶᠢᠨ ᠭᠡᠷ ᠲᠤ ᠰᠠᠭᠤᠵᠦ ᠪᠤᠢ᠂ ᠲᠡᠭᠦᠨ ᠤ ᠬᠦᠦ ᠨᠢ ᠮᠡᠳᠡᠷᠡᠯ ᠤᠨ ᠡᠪᠡᠳᠴᠢᠨ ᠲᠠᠢ ᠪᠤᠯᠬᠤᠷ ᠤᠳᠤ ᠪᠤᠯᠳᠠᠯ᠎ᠠ | ᠬᠤᠷᠢᠮᠯᠠᠭ᠎ᠠ ᠦᠭᠡᠢ ᠪᠠᠶᠢᠵᠦ᠂ ᠠᠮᠢᠳᠤᠷᠠᠯ ᠨᠢ ᠲᠦᠢᠯ ᠤᠨ ᠶᠠᠳᠠᠭᠤ᠃ ᠲᠡᠭᠦᠨ ᠤ ᠭᠡᠷ ᠪᠦᠯᠢ ᠶᠢᠨ ᠪᠠᠶᠢᠳᠠᠯ ᠢ | ᠤᠢᠢᠯᠠᠭᠠᠭᠰᠠᠨ ᠤ ᠰᠡᠬᠦᠯᠡᠷ᠂ ᠱᠢ ᠢᠤᠢ ᠨᠢᠦ ᠲᠡᠭᠦᠨ ᠤ ᠨᠤᠷᠠᠬᠤ ᠠᠶᠤᠯᠳᠡᠢ ᠭᠡᠷ ᠪᠠᠶᠢᠰᠢᠩ ᠢ ᠵᠠᠰᠠᠨ ᠰᠢᠨᠡᠳᠭᠡᠵᠦ᠂ | 50 ᠲᠡᠭᠰᠢ ᠲᠦᠷᠪᠡᠯᠵᠢᠨ ᠮᠧᠳ᠋ᠷ ᠲᠠᠯᠠᠪᠠᠢ ᠲᠠᠢ ᠲᠤᠭᠤᠰᠬᠠᠨ ᠭᠡᠷ ᠪᠠᠶᠢᠭᠤᠯᠵᠦ ᠦᠭᠬᠦᠭᠰᠡᠨ ᠪᠠᠶᠢᠨ᠎ᠠ᠃ | ᠡᠭᠦᠨ ᠠᠴᠠ ᠭᠠᠳᠠᠨ᠎ᠠ᠂ ᠲᠡᠷᠡ ᠶᠠᠳᠠᠭᠤ ᠬᠦᠴᠢᠷᠳᠡᠢ ᠡᠷᠦᠭᠡ ᠳᠤ ᠬᠦᠨᠳᠦ ᠡᠪᠡᠳᠴᠢᠨ ᠤ ᠠᠪᠤᠷᠠᠨ | ᠲᠤᠰᠠᠯᠠᠬᠤ ᠰᠠᠭᠤᠷᠢ ᠮᠦᠩᠬᠦ ᠤᠯᠵᠦ ᠦᠭᠴᠦ᠂ ᠪᠠᠶᠠᠷ ᠲᠤᠷᠠᠰᠬᠠᠯ ᠤᠨ ᠡᠳᠦᠷ ᠪᠤᠯᠤᠭᠰᠠᠭᠠᠷ ᠶᠠᠳᠠᠭᠤ ᠬᠦᠴᠢᠷᠳᠡᠢ | ᠡᠷᠦᠭᠡ ᠳᠤ ᠲᠤᠬᠤᠨᠢᠭᠤᠯᠭ᠎ᠠ ᠶᠢᠨ ᠮᠦᠩᠬᠦ ᠬᠦᠷᠭᠡᠳᠡᠭ ᠶᠤᠮ᠃ | ︽ᠤᠳᠤ ᠪᠢ ᠰᠠᠶᠢᠬᠠᠨ ᠠᠭᠤᠯᠠ ᠭᠠᠴᠠᠭᠠᠨ ᠤ ᠨᠢᠭᠡ ᠭᠡᠰᠢᠭᠦᠨ ᠪᠤᠯᠤᠭᠰᠠᠨ ᠪᠠᠶᠢᠨ᠎ᠠ᠂ ᠮᠠᠯᠴᠢᠨ | ᠲᠠᠷᠢᠶᠠᠴᠢᠳ ᠤᠨ ᠬᠦᠴᠢᠷᠳᠡᠯ ᠢ ᠬᠠᠪᠰᠤᠷᠤᠨ ᠰᠢᠢᠳᠪᠦᠷᠢᠯᠡᠵᠦ ᠦᠭᠭᠦ ᠨᠢ ᠨᠠᠳᠠ ᠳᠤ ᠠᠪᠴᠤ ᠭᠡᠯᠡᠪᠠᠯ ᠨᠢᠭᠡ | ᠵᠦᠢᠯ ᠤᠨ ᠪᠠᠶᠠᠷᠳᠤ ᠶᠠᠪᠤᠳᠠᠯ ᠪᠤᠯᠬᠤ ᠶᠤᠮ︾ ᠭᠡᠵᠦ ᠱᠢ ᠢᠤᠢ ᠨᠢᠦ ᠰᠡᠳᠬᠢᠯ ᠲᠡᠨᠢᠬᠦᠨ ᠶᠠᠷᠢᠨ᠎ᠠ ᠁ |