ᠯᠣᠬᠠᠱᠧᠩ ᠰᠢᠮᠡᠵᠢᠭᠦᠯᠦᠨ ᠲᠠᠮᠢᠷᠵᠢᠭᠤᠯᠬᠤ ᠦᠢᠯᠡᠳᠦᠯ ᠲᠠᠢ ᠪᠤᠯᠬᠤᠷ ᠡᠷᠡᠭᠦᠯ ᠮᠡᠨᠳᠦ ᠶᠢ ᠪᠠᠲᠤᠯᠠᠨ ᠣᠷᠲᠣ | ᠨᠠᠰᠣᠯᠠᠭᠤᠯᠬᠤ ᠴᠢᠳᠠᠯ ᠲᠠᠢ᠃ ᠠᠷᠠᠳ ᠤᠨ ᠳᠣᠮᠳᠠ ᠯᠤᠬᠠᠱᠧᠩ ᠨᠢ ᠣᠷᠲᠣ ᠨᠠᠰᠣᠯᠠᠭᠤᠯᠬᠤ ᠵᠢᠮᠢᠰ᠂ ᠪᠠᠴᠠᠭ ᠤᠨ | ᠲᠣᠳᠣᠷᠠᠬᠢ ᠰᠢᠭᠦᠰᠦ ᠭᠡᠰᠡᠨ ᠠᠯᠳᠠᠷᠲᠠᠢ᠃ | ᠦᠨᠦᠷ ᠰᠢᠬᠢᠷᠯᠢᠭ ᠴᠢᠨᠠᠷ ᠳᠡᠭᠰᠢ᠂ ᠰᠢᠮ᠎ᠡ ᠲᠡᠵᠢᠭᠡᠯ ᠡᠯᠪᠡᠭ ᠳᠡᠯᠪᠡᠭ᠂ ᠳᠡᠯᠢᠭᠦᠦ ᠶᠢ ᠰᠠᠶᠢᠵᠢᠷᠠᠭᠤᠯᠵᠣ | ᠬᠤᠳᠤᠭᠤᠳᠤ ᠶᠢ ᠳᠡᠭᠰᠢᠷᠡᠬᠦᠯᠬᠦ᠂ ᠴᠢᠰᠣ ᠶᠢ ᠨᠦᠬᠦᠪᠦᠷᠢᠯᠡᠵᠦ ᠴᠢᠰᠣ ᠶᠢ ᠵᠣᠭᠰᠣᠭᠠᠬᠤ᠂ ᠠᠭᠤᠰᠬᠢ ᠶᠢ ᠠᠨᠠᠭᠠᠨ | ᠴᠡᠷ ᠢ ᠠᠷᠢᠯᠭᠠᠬᠤ᠂ ᠰᠢᠭᠡᠰᠦ ᠶᠢ ᠰᠢᠯᠣᠭᠤᠳᠬᠠᠬᠤ᠂ ᠰᠦ ᠪᠠᠭᠤᠯᠭᠠᠬᠤ ᠵᠡᠷᠭᠡ ᠦᠢᠯᠡᠳᠦᠯ ᠲᠠᠢ᠃ ᠰᠦᠰᠦᠨ ᠤ | ᠠᠯᠺᠦ᠋ᠯ ᠢ ᠪᠠᠭᠤᠷᠠᠭᠤᠯᠵᠣ᠂ ᠯᠣᠭᠰᠢᠭᠤᠨ ᠰᠣᠳᠠᠯ ᠤᠨ ᠬᠠᠲᠠᠭᠤᠷᠠᠯ᠂ ᠴᠢᠰᠦᠨ ᠳᠠᠷᠣᠯᠲᠠ ᠦᠨᠳᠦᠷ ᠡᠪᠡᠳᠴᠢᠨ᠂ | ᠲᠢᠳᠢᠮ ᠵᠢᠷᠦᠬᠡᠨ ᠡᠪᠡᠳᠴᠢᠨ ᠵᠡᠷᠭᠡ ᠶᠢ ᠰᠡᠷᠭᠡᠶᠢᠯᠡᠵᠦ ᠴᠢᠳᠠᠨ᠎ᠠ᠃ ᠡᠭᠦᠨ ᠠᠴᠠ ᠭᠠᠳᠠᠨ᠎ᠠ ᠪᠠᠰᠠ ᠬᠠᠪᠣᠳᠠᠷ ᠤᠨ | ᠲᠦᠷᠦᠯ ᠤᠨ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃ ᠬᠡᠳᠦᠶᠢᠪᠡᠷ ᠡᠶᠢᠮᠦ ᠪᠤᠯᠪᠠᠴᠣ ᠪᠠᠰᠠ ᠴᠡᠭᠡᠷᠯᠡᠬᠦ | ᠴᠢᠬᠤᠯᠠᠲᠠᠢ ᠵᠦᠢᠯ ᠣᠯᠠᠨ ᠪᠤᠢ᠃ | 1. ᠯᠣᠬᠠᠱᠧᠩ ᠤᠨ ᠳᠣᠲᠣᠷ᠎ᠠ ᠦᠬᠡᠬᠦ ᠪᠠ ᠣᠭᠤᠷᠠᠭ ᠡᠯᠪᠡᠭ ᠠᠭᠤᠯᠤᠭᠳᠠᠵᠣ ᠪᠠᠶᠢᠭ᠎ᠠ ᠪᠤᠯᠬᠤᠷ | ᠬᠤᠳᠣᠭᠤᠳᠣ ᠭᠡᠳᠡᠰᠦᠨ ᠡᠪᠡᠳᠴᠢᠨ ᠲᠠᠢ ᠬᠦᠮᠦᠨ ᠳᠤ ᠲᠤᠬᠢᠷᠠᠬᠤ ᠦᠭᠡᠢ᠂ ᠡᠰᠡᠪᠡᠯ ᠰᠠᠭᠤᠯᠭᠠᠨ᠎ᠠ᠃ | 2. ᠡᠯᠢᠭᠡ ᠰᠦᠰᠦᠨ ᠤ ᠡᠪᠡᠳᠴᠢᠨ ᠲᠠᠢ ᠬᠦᠮᠦᠨ ᠢᠳᠡᠪᠡᠯ ᠡᠪᠡᠳᠴᠢᠨ ᠢ ᠨᠢ ᠬᠦᠨᠳᠦᠷᠡᠭᠦᠯᠦᠨ᠎ᠡ᠃ | 3. ᠠᠷᠠᠰᠣᠨ ᠤ ᠳᠣᠰᠣ ᠪᠣᠷᠳᠠᠭ ᠤᠨ ᠱᠦᠭᠦᠷᠡᠯᠲᠡ ᠶᠢ ᠲᠦᠷᠭᠡᠳᠬᠡᠵᠦ᠂ ᠪᠠᠳᠬ᠎ᠠ ᠠᠮᠠᠷᠬᠠᠨ ᠭᠠᠷᠳᠠᠭ | ᠬᠦᠮᠦᠨ ᠠᠷᠪᠢᠨ ᠢᠳᠡᠵᠦ ᠪᠤᠯᠬᠤ ᠦᠭᠡᠢ᠃ | 4. ᠴᠢᠰᠣ ᠶᠢ ᠵᠤᠭᠰᠣᠭᠠᠬᠤ ᠦᠢᠯᠡᠳᠦᠯ ᠲᠠᠢ ᠪᠤᠯᠬᠤᠷ ᠴᠢᠰᠣ ᠶᠢ ᠠᠭᠰᠢᠷᠠᠭᠤᠯᠵᠣ᠂ ᠴᠢᠰᠣᠨ ᠤ ᠪᠦᠯᠦᠩᠨᠡᠯ | ᠢ ᠪᠤᠢ ᠪᠤᠯᠭᠠᠨ᠎ᠠ᠃ ᠡᠶᠢᠮᠦ ᠠᠴᠠ ᠴᠢᠰᠦᠨ ᠴᠠᠪᠠᠣᠯᠢᠭ ᠦᠨᠳᠦᠷ ᠪᠤᠶᠤ ᠴᠢᠰᠣᠨ ᠪᠦᠯᠦᠩᠨᠡᠯ ᠲᠠᠢ ᠬᠦᠮᠦᠰ ᠢᠳᠡᠬᠦ | ᠳᠤ ᠲᠤᠬᠢᠷᠠᠬᠤ ᠦᠭᠡᠢ᠃ ᠡᠭᠦᠨ ᠠᠴᠠ ᠭᠠᠳᠠᠨ᠎ᠠ᠂ ᠪᠢᠳᠡᠨ ᠤ ᠡᠳᠦᠷ ᠲᠣᠳᠣᠮ ᠤᠨ ᠢᠳᠡᠳᠡᠭ ᠨᠢ ᠪᠦᠷ ᠲᠣᠰᠣᠨ | ᠳᠤ ᠪᠣᠴᠠᠯᠭᠠᠭᠰᠠᠨ ᠯᠤᠬᠠᠱᠧᠩ ᠪᠤᠯᠬᠤᠷ ᠠᠮᠠᠷᠬᠠᠨ ᠬᠠᠯᠠᠭᠤᠷᠠᠭᠤᠯᠵᠣ᠂ ᠣᠨᠴᠠᠭᠠᠶᠢᠯᠠᠨ ᠡᠯᠢᠭᠡᠨ ᠬᠠᠯᠠᠭᠤᠨ ᠪᠤᠶᠤ | ᠲᠤᠲᠤᠷ᠎ᠠ ᠬᠠᠯᠠᠭᠤᠨ ᠲᠠᠢ ᠬᠦᠮᠦᠰ ᠢᠳᠡᠪᠡᠯ ᠭᠠᠯ ᠳᠡᠭᠡᠷ᠎ᠡ ᠳᠣᠰᠣ ᠨᠡᠮᠡᠭᠰᠡᠨ ᠶᠠᠪᠣᠳᠠᠯ ᠪᠤᠯᠤᠨ᠎ᠠ᠃ ᠬᠠᠮᠤᠭ ᠤᠨ | ᠰᠠᠶᠢᠨ ᠢᠳᠡᠬᠦ ᠠᠷᠭ᠎ᠠ ᠨᠢ ᠴᠢᠨᠠᠵᠤ ᠢᠳᠡᠨ᠎ᠡ᠂ ᠢᠩᠬᠢᠪᠡᠯ ᠬᠠᠯᠠᠭᠤᠷᠠᠭᠤᠯᠬᠤ ᠦᠭᠡᠢ᠂ ᠠᠮᠠᠷᠬᠠᠨ ᠰᠢᠩᠭᠡᠭᠡᠨ᠎ᠡ᠃ |