ᠬᠤᠭᠤᠯᠠᠨ ᠠᠴᠠ ᠡᠮᠦᠨ᠎ᠡ ᠵᠢᠮᠢᠰ ᠢᠳᠡᠪᠡᠯ ᠰᠠᠶᠢᠨ
ᠨᠡᠶᠢᠲᠡᠯᠡᠭᠰᠡᠨ ᠴᠠᠭ᠄
2017/6/28
     ᠶᠠᠭᠤᠨ ᠤ ᠲᠡᠷᠢᠭᠦᠨ ᠳᠤ᠂ ᠵᠢᠮᠢᠰ ᠤᠨ ᠲᠣᠳᠣᠷᠠᠬᠢ ᠣᠯᠠᠩᠬᠢ ᠪᠦᠷᠢᠯᠳᠦᠬᠦᠨ ᠨᠢ ᠪᠦᠷ ᠠᠭᠤᠰᠤᠮᠠᠬᠠᠢ ᠴᠢᠨᠠᠷᠲᠠᠢ ᠪᠠᠶᠢᠵᠦ᠂ ᠸᠢᠲ᠋ᠠᠮᠢᠨ C ᠪᠣᠯᠤᠨ ᠴᠢᠰᠤᠨ ᠤ ᠲᠣᠳᠣᠷᠠᠬᠢ ᠰᠦᠰᠦᠨ ᠤ ᠭᠤᠨᠠᠨ ᠠᠯᠺᠤᠤᠯ ᠤᠨ ᠬᠡᠮᠵᠢᠶ᠎ᠡ ᠎ ᠶᠢ ᠪᠠᠭᠠᠰᠬᠠᠬᠤ ᠠᠭᠤᠰᠤᠮᠠᠬᠠᠢ ᠴᠢᠨᠠᠷᠲᠠᠢ ᠤᠷᠭᠤᠮᠠᠯᠯᠢᠭ ᠰᠢᠷᠬᠢᠭᠯᠢᠭ᠂ ᠵᠢᠮᠢᠰ ᠤᠨ ᠴᠠᠪᠠᠤᠯᠢᠭ ᠵᠡᠷᠭᠡ ᠪᠠᠶᠢᠳᠠᠭ ᠪᠣᠯᠬᠤᠷ ᠲᠡᠭᠦᠨ ᠤ ᠰᠢᠩᠭᠡᠭᠡᠯᠳᠡ ᠨᠢ ᠪᠤᠳᠤᠯᠢᠶᠠᠨᠲᠠᠢ ᠰᠢᠩᠭᠡᠭᠡᠯᠳᠡ ᠶᠢᠨ ᠰᠢᠩᠭᠡᠨ ᠤ ᠬᠤᠯᠢᠯᠳᠤᠯ ᠢ ᠬᠡᠷᠡᠭᠰᠡᠬᠦ  ᠦᠭᠡᠢ ᠪᠠᠶᠢᠵᠤ᠂ ᠥᠳᠲᠡᠷ ᠲᠦᠷᠭᠡᠨ ᠢᠶᠠᠷ ᠬᠤᠳᠤᠭᠤᠳᠤ ᠪᠠᠷ ᠲᠠᠮᠵᠢᠨ ᠨᠠᠷᠢᠨ ᠭᠡᠳᠡᠰᠦᠨ ᠳᠤ ᠬᠦᠷᠴᠦ ᠰᠢᠩᠭᠡᠭᠡᠭᠳᠡᠳᠡᠭ᠃ ᠦᠯᠦᠨ ᠢᠶᠠᠷ ᠢᠳᠡᠪᠡᠯ ᠰᠢᠩᠭᠡᠭᠡᠯᠳᠡ ᠶᠢᠨ ᠬᠡᠮᠵᠢᠶ᠎ᠡ ᠨᠢ ᠬᠤᠭᠤᠯᠠ ᠢᠳᠡᠭᠰᠡᠨ ᠤ ᠲᠠᠷᠠᠭᠠᠬᠢ  ᠰᠢᠩᠭᠡᠭᠡᠯᠳᠡ ᠶᠢᠨ ᠬᠡᠮᠵᠢᠶ᠎ᠡ ᠠᠴᠠ ᠬᠤᠯᠠ ᠢᠯᠡᠭᠦᠦ ᠪᠠᠶᠢᠳᠠᠭ᠃             ᠬᠤᠶᠠᠷ ᠲᠤ᠂ ᠬᠤᠭᠤᠯᠠᠨ ᠠᠴᠠ ᠡᠮᠦᠨ᠎ᠡ ᠵᠢᠮᠢᠰ ᠢᠳᠡᠪᠡᠯ ᠬᠤᠭᠤᠯᠠᠨ ᠲᠤᠷᠠᠰᠢᠯ ᠢ ᠨᠦᠯᠦᠭᠡᠯᠡᠵᠦ ᠬᠤᠭᠤᠯᠠ ᠪᠠᠭ᠎ᠠ ᠢᠳᠡᠭᠦᠯᠳᠡᠭ᠃ ᠵᠢᠮᠢᠰ ᠪᠣᠯ ᠲᠣᠣᠷ᠎ᠠ ᠢᠯᠴᠢᠲᠦ ᠢᠳᠡᠭᠡᠨ ᠪᠠᠶᠢᠵᠦ᠂ ᠲᠤᠮᠳᠠᠴᠢ ᠢᠯᠴᠢ ᠶᠢᠨ  ᠬᠡᠮᠵᠢᠶ᠎ᠡ ᠨᠢ ᠬᠦᠨᠳᠦ ᠶᠢᠨ ᠬᠡᠮᠵᠢᠶ᠎ᠡ ᠪᠠᠷ ᠠᠳᠠᠯᠢᠬᠠᠨ ᠭᠤᠯᠢᠷ ᠢᠳᠡᠭᠡᠨ ᠤ ᠲᠦᠷᠪᠡᠨ ᠤ ᠨᠢᠭᠡᠨ ᠬᠤᠪᠢ ᠲᠠᠢ  ᠲᠡᠩᠴᠡᠵᠦ᠂ ᠠᠳᠠᠯᠢ ᠬᠡᠮᠵᠢᠶᠡᠨ ᠤ ᠭᠠᠭ᠋ᠠᠢ ᠶᠢᠨ ᠮᠢᠬ᠎ᠠ ᠵᠡᠷᠭᠡ ᠮᠢᠬᠠᠯᠢᠭ ᠢᠳᠡᠭᠡᠨ ᠤ ᠪᠠᠷᠤᠭ ᠠᠷᠪᠠᠨ ᠤ ᠨᠢᠭᠡᠨ ᠲᠠᠢ  ᠲᠡᠩᠴᠡᠳᠡᠭ ᠃ ᠡᠶᠢᠮᠦ ᠠᠴᠠ ᠤᠷᠢᠳᠠᠪᠡᠷ ᠲᠣᠣᠷ᠎ᠠ ᠢᠯᠴᠢᠲᠦ ᠢᠳᠡᠭᠡᠨ ᠢ ᠢᠳᠡᠪᠡᠯ ᠶᠡᠷᠦᠩᠬᠡᠢ ᠢᠳᠡᠭᠡᠨ ᠤ ᠬᠡᠮᠵᠢᠶ᠎ᠡ  ᠎ ᠶᠢ ᠬᠢᠯᠪᠡᠷ ᠡᠵᠡᠮᠰᠢᠳᠡᠭ᠃           ᠭᠤᠷᠪᠠ ᠳᠤ᠂ ᠣᠯᠠᠩᠬᠢ ᠵᠢᠮᠢᠰ ᠠᠮᠠᠷᠬᠠᠨ ᠢᠰᠦᠯᠳᠦᠨ ᠢᠯᠵᠢᠷᠡᠳᠡᠭ᠂ ᠤᠷᠢᠳᠠᠪᠡᠷ ᠵᠢᠮᠢᠰ ᠢᠳᠡᠪᠡᠯ ᠲᠡᠭᠦᠨ  ᠎ ᠤ ᠬᠤᠳᠤᠭᠤᠳᠤ ᠶᠢᠨ ᠲᠣᠳᠣᠷ᠎ᠠ ᠬᠤᠷᠠᠮᠳᠤᠬᠤ ᠴᠠᠭ ᠢ ᠪᠣᠭᠤᠨᠢᠰᠬᠠᠵᠤ᠂ ᠢᠰᠦᠯᠳᠤᠨ ᠢᠯᠵᠢᠷᠡᠬᠦ ᠬᠡᠮᠵᠢᠶ᠎ᠡ ᠶᠢ  ᠲᠣᠷᠣᠭᠰᠢᠯᠠᠭᠤᠯᠵᠦ᠂ ᠬᠦᠮᠦᠨ ᠤ ᠪᠡᠶ᠎ᠡ ᠳᠤ ᠦᠵᠡᠭᠦᠯᠬᠦ ᠠᠰᠢᠭ ᠦᠭᠡᠢ ᠨᠦᠯᠦᠭᠡ ᠶᠢ ᠪᠠᠭᠠᠰᠬᠠᠬᠤ ᠪᠣᠯᠤᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号