ᠡᠰᠢ ᠰᠦᠷᠠᠯ ᠢ ᠰᠢᠪᠳᠤᠷᠵᠢᠭᠦᠯᠬᠦ ᠶᠢᠨ ᠰᠠᠶᠢᠨ ᠲᠠᠢ ᠲᠠᠯ᠎ᠠ
ᠨᠡᠶᠢᠲᠡᠯᠡᠭᠰᠡᠨ ᠴᠠᠭ᠄
2017/6/28
     ᠡᠰᠢ ᠰᠦᠷᠠᠯ ᠳᠤ ᠰᠢᠪᠳᠤᠷ ᠤᠨ ᠤᠰᠤ᠂ ᠤᠰᠤᠭᠦᠢ ᠰᠢᠪᠳᠤᠷ᠂ ᠰᠢᠬᠡᠰᠦᠯᠢᠭ ᠡᠳ᠋ ᠪᠤᠶᠤ ᠤᠠᠳᠤᠤ  ᠰᠢᠭᠡᠰᠦᠯᠢᠭ ᠡᠳ᠋ ᠵᠡᠷᠬᠡ ᠶᠢᠨ ᠠᠭᠤᠰᠤᠮᠠᠯ ᠢ ᠵᠤᠬᠢᠬᠤ ᠬᠠᠷᠢᠴᠠᠯ ᠢᠶᠠᠷ ᠬᠢᠵᠦ ᠰᠢᠩᠭᠡᠭᠡᠭᠳᠡᠬᠦ ᠨᠤᠷᠮ᠎ᠠ ᠪᠠ ᠰᠢᠮ᠎ᠡ ᠲᠡᠵᠢᠭᠡᠯ ᠢ ᠨᠢ ᠲᠡᠭᠡᠭᠰᠢᠯᠡᠭᠦᠯᠬᠦ ᠠᠷᠭ᠎ᠠ ᠶᠢ ᠡᠰᠢ ᠰᠦᠷᠡᠯ ᠢ ᠰᠢᠪᠳᠤᠷᠵᠢᠭᠦᠯᠭᠦ ᠭᠡᠳᠡᠭ᠃ ᠡᠰᠢ ᠰᠦᠷᠠᠯ ᠢ ᠰᠢᠪᠳᠤᠷᠵᠢᠭᠦᠯᠬᠦ  ᠪᠣᠯ ᠤᠳᠦ ᠪᠣᠯᠳᠡᠯᠡᠬᠢ ᠡᠰᠢ ᠰᠦᠷᠠᠯ ᠤᠨ ᠪᠤᠷᠳᠤᠭ᠎ᠠ ᠲᠤᠭᠤᠯᠤᠭᠤᠯᠬᠤ ᠬᠢᠮᠢ ᠶᠢᠨ ᠠᠷᠭ᠎ᠠ ᠶᠢᠨ ᠲᠤᠳᠤᠷᠠᠬᠢ ᠬᠠᠮᠤᠭ ᠠᠴᠠ ᠬᠢᠮᠳᠠ᠂ ᠬᠡᠷᠡᠭᠯᠡᠬᠦ ᠳᠤ ᠲᠤᠬᠢᠷᠠᠮᠵᠢᠳᠠᠢ ᠨᠢᠭᠡ ᠵᠦᠢᠯ ᠪᠣᠯᠬᠤ ᠪᠦᠭᠡᠳ ᠮᠠᠨ ᠤ ᠤᠯᠤᠰ ᠤᠨ ᠤᠳᠤᠬᠠᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠲᠤᠮᠳᠡ ᠬᠠᠮᠤᠭ ᠠᠴᠠ ᠲᠦᠷᠬᠡᠨ ᠬᠦᠭᠵᠢᠵᠦ ᠦᠷᠬᠡᠨ ᠢᠶᠠᠷ ᠬᠡᠷᠡᠭᠯᠡᠭᠳᠡᠵᠦ ᠪᠠᠶᠢᠭ᠎ᠠ ᠠᠷᠭ᠎ᠠ ᠶᠤᠮ᠃            ᠡᠰᠢ ᠰᠦᠷᠠᠯ ᠢ ᠰᠢᠪᠳᠤᠷᠵᠢᠭᠦᠯᠦᠭᠡᠳ ᠮᠠᠯ ᠳᠤ ᠥᠭᠪᠡᠯ ᠲᠤᠤᠷᠠᠬᠢ ᠮᠡᠲᠦ ᠭᠡᠳᠤᠨ ᠰᠠᠶᠢᠨ ᠲᠠᠯ᠎ᠠ ᠲᠠᠢ᠃           1. ᠤᠰᠤᠮᠠᠭᠳᠤ ᠨᠠᠲᠷᠢ ᠪᠠᠷ ᠰᠢᠪᠳᠦᠷᠵᠢᠭᠦᠯᠦᠭᠰᠡᠨ ᠡᠰᠢ ᠰᠦᠷᠡᠯ ᠢ ᠮᠠᠯ ᠢᠳᠡᠪᠠᠯ ᠤᠰᠤ ᠤᠤᠭᠤᠬᠤ  ᠬᠡᠮᠵᠢᠶ᠎ᠡ ᠨᠢ ᠨᠡᠮᠡᠭᠳᠡᠨ ᠰᠢᠭᠡᠰᠦ ᠠᠷᠪᠢᠳᠤᠨ᠂ ᠰᠢᠭᠡᠰᠤᠨ ᠳᠠᠬᠢ ᠨᠠᠲᠷᠢ ᠶᠢᠨ ᠠᠭᠤᠯᠤᠭᠳᠠᠴᠠ ᠨᠡᠮᠡᠭᠳᠡᠬᠦ ᠲᠤᠯᠡ ᠪᠣᠷᠳᠤᠭᠤᠷ ᠢᠶᠠᠷ ᠵᠠᠷᠤᠪᠠᠯ ᠲᠠᠷᠢᠶᠡᠨ ᠭᠠᠵᠡᠷ ᠤᠨ ᠬᠦᠷᠦᠰᠤ ᠶᠢ ᠬᠤᠵᠢᠷᠰᠢᠭᠤᠯᠳᠠᠭ᠃ ᠦᠬᠡᠷ ᠤᠨ ᠰᠢᠭᠡᠰᠤᠨ ᠳᠠᠬᠢ  ᠰᠢᠪᠳᠦᠷ ᠤᠨ ᠠᠭᠤᠯᠤᠭᠳᠠᠴᠠ ᠠᠳᠠᠯᠢ ᠪᠤᠰᠤ ᠬᠡᠮᠵᠢᠶ᠎ᠡ ᠪᠠᠷ ᠲᠡᠭᠡᠭᠰᠢᠯᠡᠭᠦ ᠲᠤᠯᠡ ᠬᠦᠷᠦᠰᠤ ᠰᠢᠷᠦᠢ ᠶᠢᠨ ᠥᠩ  ᠰᠢᠮ᠎ᠡ ᠶᠢ ᠰᠠᠶᠢᠵᠢᠷᠠᠭᠤᠯᠤᠬᠤ ᠳᠤ ᠠᠰᠢᠭᠳᠠᠢ᠃           2. ᠡᠰᠢ ᠰᠦᠷᠡᠯ ᠢ ᠰᠢᠪᠳᠦᠷᠵᠢᠭᠦᠯᠪᠡᠯ ᠤᠷᠭᠠᠨᠢᠭ ᠪᠣᠳᠠᠰ ᠤᠨ ᠰᠢᠩᠭᠡᠭᠡᠭᠳᠡᠬᠦ ᠨᠣᠷᠮ᠎ᠠ ᠶᠢ 10 % —  12 % ᠳᠡᠭᠡᠭᠰᠢᠯᠡᠭᠦᠯᠵᠦ ᠪᠣᠯᠤᠨ᠎ᠠ᠃ ᠪᠦᠳᠦᠭᠦᠯᠢᠭ ᠤᠭᠤᠷᠠᠭ ᠤᠨ ᠠᠭᠤᠯᠤᠭᠳᠠᠴᠠ 3% —4 % ᠪᠠᠶᠢᠭᠰᠠᠨ ᠠᠴᠠ ᠪᠠᠨ8 % ᠪᠣᠯᠤᠨ ᠨᠡᠮᠡᠭᠳᠡᠬᠦ ᠪᠣᠶᠤ ᠡᠭᠦᠨ ᠠᠴᠠ ᠨᠡᠩ ᠶᠡᠭᠡ ᠪᠠᠷ ᠨᠡᠮᠡᠭᠳᠡᠳᠡᠭ᠃           3. ᠰᠢᠪᠳᠤᠷᠵᠢᠭᠦᠯᠦᠭᠰᠡᠨ ᠡᠰᠢ ᠰᠦᠷᠡᠯ ᠨᠢ ᠦᠬᠡᠷ ᠤᠨ ᠲᠠᠵᠢᠭᠡᠯ ᠤᠨ ᠬᠡᠮᠵᠢᠶ᠎ᠡ ᠶᠢ ᠨᠡᠮᠡᠭᠳᠡᠭᠦᠯᠳᠡᠭ᠃           4. ᠲᠤᠭᠤᠯᠤᠭᠤᠯᠤᠯᠳᠠ ᠬᠢᠬᠦ ᠦᠪᠡᠷ ᠤᠨ ᠥᠷᠳᠡᠭ ᠲᠤᠤᠷ᠎ᠠ᠂ ᠠᠵᠤ ᠠᠬᠤᠢ ᠶᠢᠨ ᠦᠷ᠎ᠡ ᠠᠰᠢᠭ ᠦᠠᠳᠦᠷ᠂ ᠦᠢᠯᠡᠳᠬᠦ ᠠᠷᠭ᠎ᠠ ᠪᠠᠷᠢᠯ ᠲᠥᠭᠦᠮ᠃           5. ᠰᠢᠪᠳᠦᠷ ᠨᠢ ᠪᠤᠷᠳᠤᠭ᠎ᠠ ᠶᠢᠨ ᠸᠠᠯᠠᠵᠤ ᠢᠯᠵᠢᠷᠡᠬᠦ ᠶᠢ ᠰᠡᠷᠬᠡᠶᠢᠯᠡᠨ ᠵᠡᠷᠯᠢᠭ ᠡᠪᠠᠰᠦᠨ ᠦᠷ᠎ᠡ ᠶᠢ  ᠦᠢᠯᠡᠳᠤᠯ ᠠᠯᠳᠠᠭᠤᠯᠳᠠᠭ ᠪᠣᠯᠬᠤᠷ ᠤᠰᠤᠨ ᠤ ᠠᠭᠤᠯᠤᠭᠳᠠᠴᠠ ᠪᠠᠷ ᠦᠠᠳᠦᠷ ᠪᠦᠳᠦᠬᠦᠯᠢᠭ ᠪᠣᠷᠳᠤᠭ᠎ᠠ ᠪᠣᠯᠭᠠᠵᠤ  ᠬᠠᠳᠠᠭᠠᠯᠠᠬᠤ ᠳᠤ ᠲᠤᠬᠢᠷᠠᠮᠵᠢᠳᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号