ᠬᠦᠳᠡᠯᠭᠡᠭᠡᠨ ᠬᠢᠬᠦ ᠦᠭᠡᠢ ᠤᠳᠠᠭᠠᠨ ᠰᠠᠭᠤᠪᠠᠯ ᠡᠷᠲᠡ ᠦᠲᠡᠯᠦᠨ᠎ᠡ
ᠨᠡᠶᠢᠲᠡᠯᠡᠭᠰᠡᠨ ᠴᠠᠭ᠄
2017/6/28
    ᠠᠮᠧᠷᠢᠺᠡ ᠶᠢᠨ ᠰᠢᠨᠵᠢᠯᠡᠬᠦ ᠤᠬᠠᠭᠠᠨᠳᠠᠳ ᠤᠨ ᠢᠯᠡᠷᠡᠬᠦᠯᠦᠭᠰᠡᠨ ᠢᠶᠠᠷ᠂ ᠨᠠᠰᠤᠳᠠᠶᠢᠴᠤᠤᠯ ᠤᠳᠠᠭᠠᠨ ᠰᠠᠭᠤᠬᠤ ᠨᠢ ᠲᠡᠳᠡᠨ ᠤ ᠦᠳᠡᠯᠬᠦ ᠬᠤᠷᠳᠤᠴᠠ ᠶᠢ ᠲᠦᠷᠭᠡᠳᠭᠡᠨ᠎ᠡ᠃ ᠨᠢᠬᠡ ᠡᠳᠦᠷ ᠲᠤ 10 ᠴᠠᠭ ᠠᠴᠠ ᠲᠡᠭᠡᠭᠰᠢ ᠨᠠᠮ ᠰᠠᠭᠤᠬᠤ ᠪᠦᠭᠡᠳ 40 ᠮᠢᠨᠦ᠋ᠲ ᠠᠴᠠ ᠲᠤᠷᠤᠭᠰᠢ ᠬᠦᠳᠡᠯᠬᠡᠬᠡᠨ ᠬᠢᠭᠰᠡᠳ ᠦᠪᠡᠷ ᠤᠨ ᠪᠤᠳᠠᠳᠠᠢ  ᠨᠠᠰᠤᠨ ᠠᠴᠠ ᠪᠠᠨ ᠠᠳᠠᠬ ᠲᠠᠭᠠᠨ 8 ᠨᠠᠰᠦ ᠡᠷᠳᠡ ᠦᠳᠡᠯᠦᠨ᠎ᠠ᠃                    ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠰᠤᠳᠤᠯᠭᠠᠳᠠᠳ 1500 ᠨᠡᠷ᠎ᠠ 64-95 ᠨᠠᠰᠤᠨ ᠤ  ᠨᠠᠰᠤᠳᠠᠶᠢᠴᠤᠳ ᠲᠤ ᠬᠢᠨᠠᠨ ᠬᠡᠮᠵᠢᠯᠳᠡ ᠶᠢᠨ ᠲᠦᠬᠦᠬᠡᠷᠦᠮᠵᠢ ᠵᠡᠬᠦᠯᠬᠡᠨ᠂ ᠳᠡᠳᠡᠨ ᠤ ᠨᠢᠬᠡ ᠭᠠᠷᠠᠭ ᠤᠨ ᠬᠤᠭᠤᠴᠠᠭᠠᠨ ᠳᠠᠬᠢ ᠬᠦᠳᠡᠯᠬᠡᠬᠡᠨ ᠤ ᠪᠠᠶᠢᠳᠠᠯ ᠢ ᠳᠡᠮᠳᠡᠭᠯᠡᠵᠦ᠂ ᠲᠡᠬᠢᠨ ᠴᠢᠰᠤᠨ ᠤ ᠪᠠᠶᠢᠴᠠᠭᠠᠯᠳᠠ ᠪᠠᠷ ᠲᠠᠮᠵᠢᠨ  ᠳᠡᠳᠡᠨ ᠤ ᠪᠡᠶ᠎ᠠ ᠶᠢᠨ ᠡᠰ ᠤᠨ ᠡᠷᠡᠬᠦᠯ ᠴᠢᠬᠢᠷᠠᠬ ᠤᠨ ᠪᠠᠶᠢᠳᠠᠯ ᠢ ᠵᠠᠳᠠᠯᠪᠠ᠃ ᠪᠠᠶᠢᠴᠠᠭᠠᠯᠳᠠ ᠶᠢᠨ ᠳ᠋ᠦᠡ᠊ ᠳᠤ᠂ ᠬᠦᠳᠡᠯᠬᠡᠬᠡᠨ ᠪᠠᠭᠠᠳᠠᠢ ᠨᠠᠰᠤᠳᠠᠶᠢᠴᠤᠳ ᠤᠨ ᠡᠰ ᠮᠠᠰᠢ ᠡᠷᠡᠬᠦᠯ ᠪᠤᠰᠤ ᠮᠦᠷᠳᠡᠬᠡᠨ ᠪᠤᠳᠤᠭᠳᠤ ᠴᠤᠭᠴᠠ ᠶᠢᠨ ᠤᠷᠳᠦ ᠶᠢᠨ ᠬᠡᠮᠵᠢᠶ᠎ᠠ ᠨᠡᠩ ᠤᠬᠤᠷ ᠭᠡᠳᠡᠭ ᠢ ᠢᠯᠡᠷᠡᠬᠦᠯᠵᠡᠢ᠃ ᠪᠤᠳᠤᠭᠳᠦ ᠴᠤᠭᠴᠠ ᠶᠢᠨ  ᠦᠵᠦᠬᠦᠷᠯᠢᠭ ᠪᠤᠯ ᠪᠤᠳᠤᠭᠳᠤ ᠴᠤᠭᠴᠠ ᠶᠢᠨ ᠦᠳᠡᠯᠬᠦ ᠶᠢ ᠰᠡᠷᠬᠡᠶᠢᠯᠡᠬᠦ ᠴᠢᠳᠠᠮᠵᠢ ᠲᠠᠢ ᠶᠤᠮ᠃ ᠲᠡᠬᠡᠬᠦ ᠪᠠᠷ᠂ ᠲᠡᠬᠦᠨ ᠢᠶᠠᠷ ᠲᠡᠮᠵᠢᠨ ᠬᠦᠮᠦᠨ ᠤ ᠪᠡᠶ᠎ᠠ ᠮᠠᠬᠠᠪᠤᠳ ᠤᠨ ᠡᠷᠡᠬᠦᠯ ᠴᠢᠬᠢᠷᠠᠭ ᠤᠨ ᠪᠠᠶᠢᠳᠠᠯ ᠢ ᠬᠠᠷᠠᠭᠤᠯᠵᠦ ᠪᠤᠯᠬᠤ ᠮᠦᠷᠳᠡᠬᠡᠨ ᠬᠦᠮᠦᠨ ᠤ  ᠠᠮᠢᠳᠤ ᠪᠤᠳᠠᠰ ᠤᠨ ᠨᠠᠰᠦ ᠶᠢ ᠲᠦᠰᠦᠬᠡᠯᠡᠨ ᠪᠤᠳᠤᠵᠦ ᠪᠤᠯᠳᠠᠬ᠃ ᠶᠡᠷᠦᠩᠬᠡᠢ ᠳᠡᠭᠡᠨ᠂ ᠬᠦᠮᠦᠨ ᠤ ᠪᠤᠳᠠᠳᠠᠢ ᠨᠠᠰᠦ ᠨᠡᠮᠡᠭᠳᠡᠬᠦ ᠳᠤᠰᠤᠮ  ᠪᠤᠳᠤᠭᠳᠦ ᠪᠡᠶ᠎ᠠ ᠶᠢᠨ ᠦᠵᠦᠬᠦᠷᠯᠢᠭ ᠤᠯᠠᠮ ᠤᠬᠤᠷ ᠪᠤᠯᠳᠠᠭ᠃                    ᠬᠡᠪᠡᠴᠦ ᠤᠳᠠᠭᠠᠨ ᠰᠠᠭᠤᠭᠰᠠᠨ ᠠᠴᠠ ᠪᠤᠯᠤᠬᠰᠠᠨ ᠬᠡᠮ ᠠᠷᠬᠠᠬ ᠢ ᠬᠦᠳᠡᠯᠬᠡᠬᠡᠨ ᠬᠢᠬᠦ ᠪᠠᠷ ᠲᠡᠮᠵᠢᠨ ᠨᠦᠬᠦᠪᠦᠷᠢᠯᠡᠵᠦ ᠪᠤᠯᠤᠨ᠎ᠠ ᠬᠡᠵᠦ ᠰᠤᠳᠤᠯᠭᠠᠳᠠᠳ ᠦᠵᠡᠵᠦ ᠪᠠᠶᠢᠨ᠎ᠠ᠃ ᠲᠤᠬᠠᠢᠢᠯᠠᠪᠠᠯ ᠦᠷᠬᠦᠯᠵᠢ ᠬᠦᠳᠡᠯᠬᠡᠬᠡᠨ ᠬᠢᠬᠦ ᠦᠬᠡᠢ ᠰᠠᠭᠤᠭᠠᠳ ᠯᠡ ᠪᠠᠶᠢᠳᠠᠭ ᠨᠠᠰᠤᠳᠠᠶᠢᠴᠤᠤᠯ ᠡᠳᠦᠷ ᠪᠦᠷᠢ ᠬᠠᠭᠠᠰ ᠴᠠᠭ ᠠᠴᠠ ᠲᠡᠭᠡᠭᠰᠢ ᠬᠦᠳᠡᠯᠬᠡᠬᠡᠨ ᠬᠢᠬᠦ ᠳᠤ  ᠬᠦᠷᠪᠡᠯ ᠨᠠᠰᠤ ᠠᠴᠠ ᠪᠠᠨ ᠭᠡᠳᠦ ᠦᠳᠡᠯᠬᠦ ᠠᠴᠠ ᠵᠠᠶᠢᠯᠠᠰᠬᠢᠵᠦ ᠲᠡᠶᠢᠯᠬᠦ ᠶᠤᠮ ᠪᠠᠶᠢᠨ᠎ᠠ᠃                  ᠡᠨᠡᠬᠦ ᠰᠤᠳᠤᠯᠭᠠᠨ ᠨᠢ ᠵᠦᠪᠬᠡᠨ ᠡᠮᠡᠭᠳᠡᠶᠢᠴᠤᠳ ᠢᠶᠠᠷ ᠰᠤᠳᠤᠯᠤᠬᠳᠠᠬᠤᠨ ᠪᠤᠯᠭᠠᠬᠰᠠᠨ ᠶᠤᠮ᠃ ᠤᠳᠠᠭᠠᠨ ᠰᠠᠭᠤᠬᠤ ᠨᠢ ᠪᠠᠰᠠ ᠦᠮᠡᠨ ᠡᠪᠡᠳᠴᠢᠨ᠂ ᠰᠢᠬᠢᠷ ᠰᠢᠵᠢᠩ ᠡᠪᠡᠳᠴᠢᠨ ᠪᠤᠯᠤᠨ ᠵᠢᠷᠦᠭᠡ ᠴᠢᠰᠦᠨ ᠰᠤᠳᠠᠯ ᠤᠨ ᠡᠪᠡᠳᠴᠢᠨ ᠳᠤ ᠨᠡᠷᠪᠡᠭᠳᠡᠬᠦ ᠨᠤᠷᠮ᠎ᠠ ᠶᠢ ᠵᠤᠬᠢᠬᠤ ᠬᠡᠮᠵᠢᠶ᠎ᠠ ᠪᠠᠷ ᠲᠡᠭᠡᠭᠰᠢᠯᠡᠬᠦᠯᠬᠦ ᠪᠤᠯᠤᠨ᠎ᠠ ᠬᠡᠵᠦ ᠰᠤᠳᠤᠯᠭᠠᠳᠠᠳ ᠰᠠᠨᠠᠭᠤᠯᠵᠦ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号