1. ᠭᠠᠰᠢᠭᠤᠨ ᠬᠡᠮᠬᠡ ᠪᠤᠯ ᠮᠠᠷᠢᠶ᠎ᠠ ᠰᠢᠭᠤᠷᠠᠭᠤᠯᠤᠭᠴᠢ ᠢᠳᠡᠬᠡᠨ᠂ ᠵᠤᠨ ᠤ ᠤᠯᠠᠷᠢᠯ ᠳᠤ ᠮᠠᠷᠢᠶ᠎ᠠ | ᠰᠢᠭᠤᠷᠠᠭᠤᠯᠬᠤ ᠳᠤ ᠢᠳᠡᠪᠡᠯ ᠮᠠᠰᠢ ᠲᠤᠬᠢᠷᠠᠨ᠎ᠠ᠃ ᠮᠠᠷᠢᠶ᠎ᠠ ᠰᠢᠭᠤᠷᠠᠬᠤᠯᠬᠤ ᠮᠦᠷᠳᠡᠬᠡᠨ ᠪᠠᠰᠠ ᠬᠠᠯᠠᠭᠤᠨ ᠢ | ᠰᠠᠷᠨᠢᠭᠤᠯᠤᠨᠠ᠃ | 2. ᠬᠦᠯᠢᠬᠡᠷ ᠴᠠᠭᠠᠨ ᠨᠤᠭᠤᠭ᠎ᠠ ᠳᠠᠬᠢ ᠭᠠᠶᠢᠮᠤ ᠶᠢᠨ ᠦᠷ᠎ᠡ ᠶᠢᠨ ᠲᠤᠰᠤᠨ ᠰᠢᠬᠢᠷᠵᠢᠮᠡᠭ ᠤᠨ | ᠠᠭᠤᠯᠤᠭᠳᠠᠴᠠ ᠮᠠᠰᠢ ᠦᠨᠳᠦᠷ ᠪᠦᠬᠡᠳ ᠲᠡᠷᠡ ᠨᠢ ᠤᠨᠳᠤᠤ ᠬᠦᠬᠦᠷᠳᠦ ᠼᠢᠶᠠᠨ ᠬᠦᠴᠢᠯ ᠪᠤᠯᠵᠦ ᠬᠤᠪᠢᠷᠠᠭᠠᠳ | ᠬᠤᠤᠷ ᠲᠠᠶᠢᠯᠵᠦ ᠭᠠᠳᠠᠭᠰᠢᠯᠠᠭᠤᠯᠬᠤ ᠦᠢᠯᠡᠳᠦᠯ ᠢ ᠪᠠᠳᠠᠷᠠᠭᠤᠯᠳᠠᠭ᠃ | 3. ᠪᠦᠬᠡᠷᠡᠩᠬᠡᠢ ᠴᠠᠭᠠᠨ ᠨᠤᠭᠤᠭᠠᠨ ᠳᠤ ᠰᠢᠷᠬᠡᠭᠯᠢᠭ ᠪᠤᠯᠤᠨ ᠤᠯᠠᠨ ᠲᠦᠷᠦᠯ ᠤᠨ ᠸᠢᠲ᠋ᠠᠮᠢᠨ ᠡᠯᠪᠡᠭ | ᠠᠭᠤᠯᠤᠭᠳᠠᠳᠠᠭ᠃ | 4. ᠦᠵᠦᠮᠯᠢᠭ ᠵᠦᠷᠵᠢ ᠪᠠᠷ ᠮᠠᠷᠢᠶ᠎ᠠ ᠰᠢᠭᠤᠷᠠᠭᠤᠯᠬᠤ ᠠᠷᠭ᠎ᠠ ᠤᠯᠤᠰ ᠤᠨ ᠭᠠᠳᠠᠭᠠᠳᠤ ᠳᠤ ᠮᠠᠰᠢ ᠦᠷᠭᠡᠨ | ᠲᠡᠯᠭᠡᠷ ᠬᠡᠷᠡᠭᠯᠡᠭᠳᠡᠳᠡᠭ᠃ ᠰᠤᠨᠤᠰᠬᠤᠯᠠᠷ ᠬᠤᠭᠤᠯᠠᠨ ᠤ ᠴᠠᠭ ᠲᠤ ᠳ᠋ᠠᠩ ᠢᠶᠠᠷ ᠢᠳᠡᠪᠡᠯ ᠬᠤᠶᠠᠷ ᠡᠳᠦᠷ ᠲᠤ | ᠲᠡᠭᠰᠢᠳᠬᠡᠭᠡᠳ 1 ᠵᠢᠩ ᠮᠢᠬ᠎ᠠ ᠪᠠᠭᠤᠷᠠᠵᠦ᠂ ᠬᠤᠶᠠᠷ ᠭᠠᠷᠠᠭ ᠲᠤ 7 — 12 ᠵᠢᠩ ᠮᠠᠷᠢᠶ᠎ᠠ ᠰᠢᠭᠤᠷᠠᠵᠦ᠂ ᠮᠠᠷᠢᠶ᠎ᠠ | ᠰᠢᠭᠤᠷᠠᠭᠤᠯᠬᠤ ᠦᠢᠯᠡᠳᠦᠯ ᠨᠢ ᠮᠠᠰᠢ ᠢᠯᠡᠷᠬᠡᠢ ᠪᠠᠶᠢᠵᠠᠢ᠃ | 5. ᠶᠠᠫᠤᠨ ᠳᠤ ᠡᠳᠦᠬᠡ ᠦᠨᠦᠷᠳᠦ ᠨᠤᠭᠤᠭ᠎ᠠ ᠶᠢ ᠪᠦᠷᠢᠵᠦ ᠤᠤᠭᠤᠨ᠂ ᠮᠠᠷᠢᠶ᠎ᠠ ᠰᠢᠭᠤᠷᠠᠭᠤᠯᠬᠤ ᠠᠷᠭ᠎ᠠ | ᠮᠠᠰᠢ ᠲᠡᠯᠭᠡᠷᠡᠵᠦ ᠪᠤᠢ᠃ ᠡᠬᠦᠨ ᠤ ᠬᠤᠤᠷ ᠭᠠᠳᠠᠭᠰᠢᠯᠠᠭᠤᠯᠬᠤ ᠦᠢᠯᠡᠳᠦᠯ ᠨᠢ ᠨᠢᠮᠪᠡᠭᠡ ᠪᠤᠯᠤᠨ ᠪᠠᠳᠷᠠᠰᠢ ᠶᠢᠨ | 10 ᠲᠠᠬᠢᠨ ᠪᠠᠶᠢᠵᠠᠢ᠃ | 6. ᠨᠤᠭᠤᠭᠠᠨ ᠴᠡᠴᠡᠭᠳᠤ ᠨᠤᠭᠤᠭ᠎ᠠ ᠳᠤ ᠴᠢᠰᠦ ᠦᠵᠢᠷᠡᠬᠦ ᠶᠢ ᠡᠰᠡᠷᠬᠦᠴᠡᠬᠦ ᠬᠦᠴᠢᠯ ᠡᠯᠪᠡᠭ ᠠᠭᠤᠯᠤᠭᠳᠠᠳᠠᠭ | ᠠᠴᠠ ᠡᠯᠢᠬᠡᠨ ᠤ ᠬᠤᠤᠷ ᠲᠠᠶᠢᠯᠬᠤ ᠴᠢᠳᠠᠯ ᠢ ᠨᠡᠮᠡᠭᠳᠡᠬᠦᠯᠵᠦ᠂ ᠪᠡᠶ᠎ᠡ ᠮᠠᠬᠠᠪᠤᠳ ᠤᠨ ᠴᠠᠷᠤᠯᠳᠠ ᠶᠢᠨ ᠴᠢᠳᠠᠪᠤᠷᠢ ᠶᠢ | ᠰᠠᠶᠢᠵᠢᠷᠠᠭᠤᠯᠳᠠᠭ᠃ | 7. ᠤᠷᠤᠰ ᠤᠨ ᠰᠢᠨᠵᠢᠯᠡᠬᠦ ᠤᠬᠠᠭᠠᠨᠳᠠᠳ᠂ ᠮᠠᠷᠢᠶ᠎ᠠ ᠮᠢᠬ᠎ᠠ ᠲᠠᠢ ᠬᠦᠮᠦᠰ ᠴᠡᠴᠡᠭᠳᠤ ᠴᠠᠭᠠᠨ ᠨᠤᠭᠤᠭ᠎ᠠ ᠵ᠊ ᠢ | ᠵᠤᠬᠢᠰᠳᠠᠢ ᠢᠳᠡᠪᠡᠯ ᠲᠡᠮᠡᠢ ᠤᠳᠠᠬᠤ ᠦᠬᠡᠢ ᠮᠠᠷᠢᠶ᠎ᠠ ᠰᠢᠭᠤᠷᠠᠬᠤ ᠦᠢᠯᠡᠳᠦᠯ ᠭᠠᠷᠬᠤ ᠶᠢ ᠤᠯᠵᠦ ᠮᠡᠳᠡᠵᠠᠢ᠃ | 8. ᠲᠠᠷᠠᠭ ᠢᠶᠠᠷ ᠮᠠᠷᠢᠶ᠎ᠠ ᠰᠢᠭᠤᠷᠠᠭᠤᠯᠬᠤ ᠠᠷᠭ᠎ᠠ ᠪᠢᠳᠡᠨ ᠤ ᠬᠡᠳᠡᠰᠦᠨ ᠵᠠᠮ ᠢ ᠰᠢᠯᠤᠭᠤᠳᠬᠠᠨ᠂ ᠬᠡᠳᠡᠰᠦᠨ | ᠵᠠᠮ ᠳᠤ ᠬᠤᠷᠠᠭᠰᠠᠨ ᠬᠤᠭ ᠨᠤᠪᠰᠢ ᠶᠢ ᠴᠡᠪᠡᠷᠯᠡᠳᠡᠭ᠃ ᠲᠠᠷᠠᠭ ᠪᠤᠯ ᠰᠦᠨ ᠪᠦᠳᠦᠬᠡᠭᠳᠡᠬᠦᠨ ᠤ ᠲᠤᠳᠤᠷᠠᠬᠢ ᠮᠠᠰᠢ | ᠦᠨᠳᠦᠷ ᠰᠢᠮ᠎ᠡ ᠲᠡᠵᠢᠬᠡᠯ ᠤᠨ ᠦᠷᠳᠡᠭ ᠲᠠᠢ ᠤᠮᠳᠠᠭᠠᠨ ᠪᠤᠯᠬᠤ ᠶᠤᠮ᠃ | 9. ᠤᠯᠠᠭᠠᠨ ᠪᠦᠬᠡᠷᠡᠩᠬᠡᠢ ᠡᠰᠢᠳᠤ ᠨᠤᠭᠤᠭᠠᠨ ᠤ ᠦᠢᠯᠡᠳᠦᠯ ᠬᠡᠷᠡᠭᠴᠡᠭᠡ ᠮᠠᠰᠢ ᠤᠯᠠᠨ᠃ ᠲᠡᠷᠡ ᠮᠦᠷᠳᠡᠬᠡᠨ | ᠰᠢᠮ᠎ᠡ ᠲᠡᠵᠢᠬᠡᠯ ᠤᠨ ᠦᠷᠳᠡᠭ ᠨᠢ ᠴᠦ ᠮᠠᠰᠢ ᠦᠨᠳᠦᠷ ᠪᠠᠶᠢᠳᠠᠭ᠃ |