ᠲᠠᠩᠰᠠ ᠰᠢᠯᠵᠢᠭᠦᠯᠭᠦ ᠴᠠᠭ ᠢ 24 ᠴᠠᠭ ᠤᠷᠳᠤᠳᠬᠠᠬᠤ ᠪᠠᠷ ᠪᠤᠯᠪᠡ | ᠣᠢᠢᠷ᠎ᠠ ᠶᠢᠨ ᠡᠳᠣᠷ ᠲᠣᠮᠳᠠᠳᠣ ᠣᠯᠣᠰ ᠤᠨ ᠠᠷᠠᠳ ᠤᠨ ᠪᠠᠩᠬᠢ ᠮᠡᠳᠡᠭᠡ ᠨᠡᠶᠢᠳᠡᠯᠡᠵᠣ ︽2016 ᠣᠨᠤ | 12 ᠰᠠᠷ᠎ᠠ ᠶᠢᠨ 1 ᠠᠴᠠ ᠡᠬᠢᠯᠡᠵᠣ᠂ ᠬᠤᠪᠢ ᠬᠦᠮᠦᠨ ᠠᠳᠠᠯᠢ ᠨᠢᠬᠡᠨ ᠪᠠᠩᠬᠢ ᠶᠢᠨ ᠲᠠᠩᠰᠠᠨ ᠡᠷᠣᠬᠡ ᠪᠠᠷ ᠲᠠᠩᠰᠠ | ᠰᠢᠯᠵᠢᠬᠦᠯᠬᠦ ᠠᠴᠠ ᠭᠠᠳᠠᠨ᠎ᠠ᠂ ᠬᠤᠪᠢ ᠬᠦᠮᠦᠨ ᠠᠦ᠋ᠲ᠋ᠤᠴᠢᠯᠠᠬᠰᠡᠨ ᠵᠣᠭᠤᠰ ᠭᠠᠷᠭᠠᠵᠣ ᠠᠪᠬᠤ ᠮᠠᠰᠢᠨ ᠢᠶᠠᠷ | ᠲᠠᠩᠰᠠ ᠰᠢᠯᠵᠢᠬᠦᠯᠬᠦ ᠳᠤ᠂ ᠺᠠᠷᠲ ᠲᠠᠷᠬᠠᠭᠠᠬᠰᠠᠨ ᠪᠠᠩᠬᠢ 24 ᠴᠠᠭ ᠤᠨ ᠲᠠᠷᠠᠭ᠎ᠠ ᠰᠠᠶ᠋ᠢ ᠲᠠᠩᠰᠠ ᠰᠢᠯᠵᠢᠬᠦᠯᠬᠦ | ᠭᠠᠷᠳᠠᠮ ᠢ ᠬᠦᠢᠴᠡᠳᠭᠡᠨ᠎ᠠ︾ ᠬᠡᠵᠣ ᠲᠣᠭᠳᠠᠭᠠᠬᠰᠠᠨ ᠪᠠᠶᠢᠨ᠎ᠠ᠃ ᠺᠠᠷᠲ ᠲᠠᠷᠬᠠᠭᠠᠬᠰᠠᠨ ᠪᠠᠩᠬᠢ ᠲᠠᠩᠰᠠ | ᠰᠢᠯᠵᠢᠬᠦᠯᠬᠦ ᠭᠠᠷᠳᠠᠮ ᠢ ᠬᠦᠯᠢᠶᠡᠵᠣ ᠠᠪᠣᠬᠰᠠᠨ ᠤ ᠲᠠᠷᠠᠭ᠎ᠠ ᠬᠤᠪᠢ ᠬᠦᠮᠦᠨ 24 ᠴᠠᠭ ᠤᠨ ᠲᠣᠳᠣᠷ᠎ᠠ ᠺᠠᠷᠲ | ᠲᠠᠷᠬᠠᠭᠠᠬᠰᠠᠨ ᠪᠠᠩᠬᠢ ᠠᠴᠠ ᠲᠠᠩᠰᠠ ᠰᠢᠯᠵᠢᠬᠦᠯᠬᠦ ᠪᠠᠨ ᠪᠣᠯᠢᠵᠣ ᠭᠤᠪᠢᠭᠤᠯᠣᠬᠰᠠᠨ ᠪᠡᠯᠡ ᠮᠦᠩᠬᠦ ᠪᠠᠨ ᠪᠣᠴᠠᠭᠠᠨ | ᠠᠪᠴᠢᠷᠠᠵᠣ ᠪᠣᠯᠣᠨ᠎ᠠ᠃ ᠡᠨᠡᠬᠦ ᠮᠡᠳᠡᠭᠡ ᠨᠡᠶᠢᠳᠡᠯᠡᠭᠳᠡᠭᠰᠡᠨ ᠤ ᠳᠠᠷᠠᠭ᠎ᠠ᠂ ᠮᠠᠰᠢ ᠣᠯᠠᠨ ᠦ᠋ᠮᠦᠨ ︽ᠮᠡᠬᠡᠯᠡᠭᠳᠡᠯᠠ | ᠬᠡᠵᠣ ᠮᠡᠳᠡᠭᠰᠡᠨ ᠤ ᠲᠠᠷᠠᠭ᠎ᠠ ᠵᠣᠭᠤᠰ ᠢᠶᠠᠨ ᠪᠣᠴᠠᠭᠠᠨ ᠠᠪᠴᠢᠷᠠᠵᠣ ᠪᠣᠯᠣᠨ᠎ᠠ᠂ ᠡᠷᠳᠡ ᠠᠴᠠ ᠡᠶᠢᠮᠣ ᠪᠤᠯᠤᠬᠰᠡᠨ ᠪᠤᠯ | ᠲᠡᠶᠢᠮᠤ ᠤᠯᠡᠨ ᠬᠦᠮᠦᠨ ᠮᠡᠭᠡᠯᠡᠭᠳᠡᠭᠦ ᠦᠭᠡᠢ ᠪᠢᠰᠢᠤ︕︾ ᠭᠡᠵᠡᠭᠡᠨᠠ᠃ | ᠲᠣᠮᠳᠠᠳᠣ ᠣᠯᠣᠰ ᠤᠨ ᠠᠷᠠᠳ ᠤᠨ ᠪᠠᠩᠬᠢ ᠶᠢᠨ ᠬᠤᠯᠪᠣᠬᠳᠠᠯ ᠪᠦᠬᠦᠢ ᠬᠠᠷᠢᠭᠤᠴᠠᠯᠭᠠᠳᠠᠨ ᠤ | ᠢᠯᠡᠷᠭᠡᠶᠢᠯᠡᠬᠦ ᠪᠠᠷ᠂ ᠡᠨᠡᠬᠦ ᠠᠷᠭ᠎ᠠ ᠠᠪᠴᠠᠯ ᠨᠢ ᠣᠨᠴᠠ ᠴᠠᠭ ᠦᠶ᠎ᠠ ᠪᠠ ᠣᠨᠴᠠ ᠪᠠᠶᠢᠳᠠᠯ ᠤᠨ ᠲᠣᠣᠷ᠎ᠠ ᠠᠪᠣᠬᠰᠠᠨ | ᠴᠢᠭᠯᠡᠬᠦᠯᠣᠯᠳᠣ ᠴᠢᠨᠠᠷᠳᠠᠢ ᠠᠷᠭ᠎ᠠ ᠪᠣᠳᠣᠯᠭ᠎ᠠ ᠪᠣᠯᠣᠨ᠎ᠠ᠂ ᠲᠠᠷᠣᠢ ᠮᠡᠬᠡᠯᠡᠭᠴᠢ ᠮᠡᠬᠡᠯᠡᠬᠦ ᠬᠠᠣᠯᠢ ᠪᠣᠰᠣ ᠠᠵᠢᠯᠯᠠᠭ᠎ᠠ | ᠬᠢᠭᠰᠡᠨ ᠤ ᠲᠠᠷᠠᠭ᠎ᠠ ᠮᠡᠬᠡᠯᠡᠭᠳᠡᠭᠴᠢ ᠶᠢᠨ ᠵᠣᠭᠤᠰ ᠢ ᠰᠢᠯᠵᠢᠬᠦᠯᠣᠨ ᠠᠪᠬᠤ ᠶᠢ ᠬᠤᠷᠢᠬᠯᠠᠬᠤ ᠣᠢᠢᠯᠡᠳᠣᠯ ᠲᠠᠢ᠃ | ᠰᠢᠨ᠎ᠠ ᠲᠣᠭᠳᠠᠭᠠᠯ ᠳᠤ ᠪᠠᠰᠠ ᠪᠠᠩᠬᠢ ᠶᠢᠨ ATM ᠮᠠᠰᠢᠨ ᠬᠤᠪᠢ ᠬᠦᠮᠦᠨ ᠳᠤ ᠲᠠᠩᠰᠠ ᠰᠢᠯᠵᠢᠬᠦᠯᠬᠦ | ᠣᠢᠢᠯᠡᠴᠢᠯᠡᠭᠡ ᠬᠢᠬᠦ ᠦᠶ᠎ᠠ ᠳᠤ᠂ ᠡᠷᠬᠡᠪᠰᠢ ᠬᠢᠳᠠᠳ ᠬᠡᠯᠡᠨ ᠪᠠᠷ ᠰᠡᠷᠡᠮᠵᠢᠯᠡᠬᠦᠯᠬᠦ ᠣᠢᠢᠯᠡᠴᠢᠯᠡᠭᠡ ᠬᠠᠩᠭᠠᠵᠣ᠂ | ᠦᠰᠦᠭ ᠪᠢᠴᠢᠭ᠂ ᠫᠠᠶᠢᠰᠠ ᠢᠯᠡᠷᠭᠡᠶᠢᠯᠡᠯ ᠪᠣᠯᠣᠨ ᠦᠯᠦ ᠬᠦᠢᠴᠡᠳᠭᠡᠬᠦ ᠰᠢᠷᠭᠤᠭᠤᠯ ᠵᠡᠷᠭᠡ ᠲᠣᠨᠤᠭ | ᠲᠦᠬᠦᠬᠡᠷᠣᠮᠵᠢ ᠲᠣᠬᠢᠷᠠᠭᠤᠯᠬᠤ ᠪᠠᠷ ᠲᠠᠮᠵᠢᠭᠤᠯᠵᠣ ︽ᠮᠡᠬᠡᠯᠡᠯ ᠢ ᠰᠡᠷᠭᠡᠶᠢᠯᠡᠬᠦ ᠰᠡᠷᠡᠮᠵᠢ ᠦᠭᠬᠦ ᠬᠡᠷᠡᠭᠳᠡᠢ︾ ᠬᠡᠵᠣ | ᠲᠣᠭᠳᠠᠭᠠᠬᠰᠠᠨ ᠪᠠᠶᠢᠨ᠎ᠠ᠃ ᠡᠬᠦᠨ ᠤ ᠬᠠᠮᠳᠣ ᠪᠠᠰᠠ ︽ᠠᠩᠭ᠍ᠯᠢ ᠬᠡᠯᠡ ᠵᠡᠷᠭᠡ ᠬᠢᠳᠠᠳ ᠬᠡᠯᠡᠨ ᠤ ᠪᠣᠰᠣ ᠪᠠᠩᠬᠢ ᠶᠢᠨ | ᠣᠢᠢᠯᠡᠴᠢᠯᠡᠬᠡᠨ ᠤ ᠬᠦᠷᠢᠶ᠎ᠠ ᠬᠡᠪᠴᠢᠶᠠᠨ ᠳᠤ ᠴᠤ ᠪᠡᠯᠡ ᠮᠦᠩᠬᠦᠨ ᠤ ᠰᠢᠯᠵᠢᠬᠦᠯᠣᠯᠳᠠ ᠵᠡᠷᠭᠡ ᠵᠠᠩᠬᠢᠯᠠᠭ᠎ᠠ ᠶᠢᠨ ᠦᠬᠡ | ᠦᠬᠦᠯᠡᠪᠦᠷᠢ ᠳᠤ ᠬᠢᠳᠠᠳ ᠬᠡᠯᠡ ᠪᠠᠷ ᠰᠡᠷᠡᠮᠵᠢᠯᠡᠬᠦᠯᠬᠦ ᠣᠢᠢᠯᠡᠴᠢᠯᠡᠭᠡ ᠬᠠᠩᠭᠠᠬᠤ ᠬᠡᠷᠡᠭᠳᠡᠢ᠃ ᠬᠡᠷᠪᠡ ᠪᠠᠩᠬᠢ | ᠡᠶᠢᠮᠣᠷᠬᠦ ᠰᠡᠷᠡᠮᠵᠢᠬᠦᠯᠣᠯ ᠤᠨ ᠣᠢᠢᠯᠡᠴᠢᠯᠡᠭᠡ ᠬᠢᠵᠣ ᠲᠡᠶᠢᠯᠬᠦ ᠦᠭᠡᠢ ᠪᠣᠯ ᠲᠠᠩᠰᠠ ᠰᠢᠯᠵᠢᠬᠦᠯᠬᠦ ᠣᠢᠢᠯᠡᠴᠢᠯᠡᠭᠡ | ᠬᠢᠵᠣ ᠪᠣᠯᠬᠤ ᠦᠭᠡᠢ︾ ᠬᠡᠰᠡᠨ ᠪᠠᠶᠢᠨ᠎ᠠ᠃ | ᠲᠦᠪ ᠤᠨ ᠡᠳ᠋ ᠤᠨ ᠵᠠᠰᠠᠭ ᠠᠵᠣ ᠠᠬᠤᠢ ᠶᠢᠨ ᠶᠡᠭᠡ ᠰᠣᠷᠭᠠᠭᠤᠯᠢ ᠶᠢᠨ ᠲᠣᠮᠳᠠᠳᠣ ᠣᠯᠣᠰ ᠤᠨ ᠪᠠᠩᠬᠢ ᠶᠢᠨ | ᠣᠢᠢᠯᠡᠰ ᠤᠨ ᠰᠣᠳᠣᠯᠭᠠᠨ ᠤ ᠲᠦᠪ ᠤᠨ ᠡᠷᠬᠢᠯᠡᠭᠴᠢ ᠭᠦᠸᠧ ᠲᠢᠶᠠᠨ ᠶᠦᠩ ᠄ ︽ᠨᠢᠬᠡ ᠪᠦᠯᠦᠭ ᠴᠠᠬᠢᠯᠭᠠᠨ | ᠬᠤᠯᠪᠣᠭᠠᠨ ᠤ ᠮᠡᠬᠡᠯᠡᠯ ᠨᠢ ᠵᠣᠷᠢᠯᠭ᠎ᠠ ᠳᠠᠭᠠᠨ ᠬᠦᠷᠴᠣ ᠪᠠᠶᠢᠭ᠎ᠠ ᠶᠢᠨ ᠴᠢᠬᠤᠯᠠ ᠨᠢᠬᠡᠨ ᠰᠢᠯᠳᠠᠭᠠᠨ ᠨᠢ ᠲᠠᠷᠣᠢ | ᠮᠡᠬᠡᠯᠡᠭᠴᠢ ᠭᠠᠷ ᠣᠳᠠᠰᠣ ᠪᠠᠷ ᠮᠡᠬᠡᠯᠡᠭᠳᠡᠭᠴᠢ ᠶᠢ ᠵᠠᠬᠢᠷᠴᠣ᠂ ᠮᠡᠬᠡᠯᠡᠭᠳᠡᠭᠴᠢ ᠶᠢᠨ ᠣᠳᠠᠰᠣ ᠶᠢ ᠵᠣᠬᠰᠣᠭᠠᠬᠤ | ᠦᠭᠡᠢ ᠠᠴᠠ ᠪᠣᠯᠵᠣ᠂ ᠮᠡᠬᠡᠯᠡᠭᠳᠡᠭᠴᠢ ᠬᠡᠷ ᠤᠨ ᠬᠦᠮᠦᠰ ᠪᠣᠶᠣ ᠨᠠᠶᠢᠵᠢ ᠨᠦᠬᠦᠳ ᠲᠠᠢ ᠪᠠᠨ ᠬᠠᠷᠢᠯᠴᠠᠵᠣ | ᠲᠣᠳᠣᠯᠠᠬᠤ ᠵᠠᠪ ᠣᠯᠭᠤᠬᠤ ᠦᠭᠡᠢ ᠠᠴᠠ ᠪᠣᠯᠣᠬᠰᠠᠨ ᠪᠠᠶᠢᠨ᠎ᠠ᠂ ᠲᠣᠮᠳᠠᠳᠣ ᠣᠯᠣᠰ ᠤᠨ ᠠᠷᠠᠳ ᠤᠨ ᠪᠠᠩᠬᠢ | ATM ᠮᠠᠰᠢᠨ ᠵᠶᠷ ᠲᠠᠩᠰᠠ ᠰᠢᠯᠵᠢᠬᠦᠯᠬᠦ ᠪᠠ ᠲᠠᠩᠰᠠᠨ ᠳᠤ ᠣᠷᠣᠬᠤ ᠴᠠᠭ ᠬᠤᠭᠤᠴᠠᠭᠠᠨ ᠳᠤ ᠲᠣᠬᠢᠷᠠᠭᠤᠯᠣᠯᠳᠠ | ᠬᠢᠭᠰᠡᠨᠨᠢ ᠵᠣᠭᠤᠰ ᠭᠤᠪᠢᠭᠤᠯᠣᠬᠴᠢ ᠳᠤ ᠰᠡᠳᠬᠢᠨ ᠪᠣᠳᠣᠯᠬᠢᠯᠠᠬᠤ ᠪᠠ ᠬᠠᠷᠭᠤᠭᠤᠯᠣᠨ ᠲᠣᠳᠣᠯᠠᠬᠤ ᠴᠠᠭ ᠲᠠᠢ | ᠪᠣᠯᠭᠠᠬᠤ ᠶᠢᠨ ᠬᠠᠮᠳᠣ ᠪᠠᠰᠠ ᠮᠡᠬᠡᠯᠡᠭᠴᠢ ᠪᠣᠯᠣᠨ ᠮᠡᠬᠡᠯᠡᠭᠳᠡᠭᠴᠢ ᠶᠢᠨ ᠬᠤᠭᠤᠷᠤᠨᠳᠤᠬᠢ ᠤᠳᠠᠰᠤ ᠶᠢ ᠲᠠᠰᠣᠯᠵᠣ᠂ | ᠴᠠᠬᠢᠯᠭᠠᠨ ᠬᠤᠯᠪᠣᠭ᠎ᠠ ᠪᠠᠷ ᠮᠡᠬᠡᠯᠡᠬᠦ ᠬᠠᠷᠢᠴᠠᠯ ᠢ ᠪᠠᠭᠠᠰᠬᠠᠵᠣ᠂ ᠲᠠᠩᠰᠠ ᠰᠢᠯᠵᠢᠬᠦᠯᠬᠦ ᠠᠮᠣᠷ ᠲᠦᠪᠰᠢᠨ ᠢ | ᠲᠡᠭᠡᠭᠰᠢᠯᠡᠬᠦᠯᠵᠣ᠂ ᠬᠡᠷᠡᠭᠯᠡᠭᠴᠢ ᠶᠢᠨ ᠪᠡᠯᠡ ᠮᠦᠩᠬᠦᠨ ᠤ ᠠᠮᠣᠷ ᠲᠦᠪᠰᠢᠨ ᠢ ᠨᠡᠩ ᠰᠠᠶᠢᠨ ᠬᠠᠮᠠᠭᠠᠯᠠᠬᠤ ᠪᠣᠯᠭᠠᠬᠰᠠ᠊ | ᠪᠠᠶᠢᠨ᠎ᠠ︾ ᠭᠡᠪᠡ᠃ | ᠵᠣᠭᠤᠰ ᠵᠠᠷᠣᠬᠤ ᠪᠠᠴᠢᠮ ᠬᠡᠷᠡᠭᠴᠡᠭᠡ ᠲᠠᠢ ᠪᠣᠯ ᠶᠠᠭᠠᠬᠢᠬᠤ ᠪᠤᠢ︖ | ᠲᠠᠩᠰᠠ ᠰᠢᠯᠵᠢᠬᠦᠯᠬᠦ ᠬᠡᠯᠪᠡᠷᠢ ᠲᠣᠳᠣᠷ᠎ᠠ ᠪᠣᠳᠠᠳᠠᠢ ᠴᠠᠭ᠂ ᠡᠩ ᠤᠨ ᠪᠠ ᠲᠠᠷᠠᠭ᠎ᠠ ᠡᠳᠣᠷ ᠨᠢ ᠲᠠᠩᠰᠠᠨ ᠳᠤ | ᠣᠷᠣᠭᠤᠯᠬᠤ ᠵᠡᠷᠭᠡ ᠣᠯᠠᠨ ᠵᠦᠢᠯ ᠤᠨ ᠰᠣᠩᠭᠤᠯᠳᠠ ᠲᠠᠢ ᠪᠤᠯᠭᠠᠨ᠎ᠠ᠃ ᠪᠠᠴᠢᠮ ᠬᠡᠷᠡᠭᠴᠡᠭᠡ ᠲᠠᠢ ᠪᠣᠯ ᠪᠡᠯᠡ | ᠮᠦᠩᠬᠦ ᠪᠠᠨ ᠪᠣᠳᠠᠳᠠᠢ ᠴᠠᠭ ᠤᠨ ᠲᠣᠳᠣᠷ᠎ᠠ ᠲᠠᠩᠰᠠᠨ ᠳᠤ ᠣᠷᠣᠭᠤᠯᠬᠤ ᠬᠡᠯᠪᠡᠷᠢ ᠶᠢ ᠰᠣᠩᠭᠤᠵᠣ ᠪᠣᠯᠣᠨ᠎ᠠ᠂ | ᠶᠠᠭᠠᠷᠠᠣ ᠪᠢᠰᠢ ᠪᠣᠯ ᠡᠩ ᠤᠨ ᠶᠣᠰᠣᠭᠠᠷ ᠲᠠᠩᠰᠠᠨ ᠳᠤ ᠣᠷᠣᠭᠤᠯᠬᠤ ᠪᠣᠶᠣ ᠲᠠᠷᠠᠭ᠎ᠠ ᠡᠳᠣᠷ ᠨᠢ ᠲᠠᠩᠰᠠᠨ ᠳᠤ | ᠣᠷᠣᠭᠤᠯᠬᠤ ᠬᠡᠯᠪᠡᠷᠢ ᠶᠢ ᠰᠣᠩᠭᠤᠵᠣ ᠪᠣᠯᠣᠨ᠎ᠠ᠃ | ATM ᠮᠠᠰᠢᠨ ᠢᠶᠠᠷ ᠲᠠᠩᠰᠠ ᠰᠢᠯᠵᠢᠬᠦᠯᠬᠦ ᠴᠠᠭ ᠢ ᠣᠷᠳᠣᠳᠬᠠᠬᠰᠠᠨ ᠨᠢ ᠬᠡᠳᠦ᠋ᠢᠪᠡᠷ ᠣᠯᠠᠩᠬᠢ | ᠬᠦᠮᠦᠨ ᠳᠤ ᠲᠡᠮᠡᠢ ᠶᠡᠭᠡ ᠨᠦᠯᠦᠬᠡ ᠪᠣᠯᠬᠤ ᠦᠭᠡᠢ ᠪᠣᠯᠪᠡᠴᠤ ︽ᠲᠠᠷᠦ᠋ᠢᠬᠠᠨ ᠵᠤᠭᠤᠰ ᠵᠠᠷᠤᠬᠤ ᠪᠠᠴᠢᠮ | ᠬᠡᠷᠡᠭᠴᠡᠭᠡ ᠲᠠᠢ ᠦᠶ᠎ᠠ ᠳᠤ ᠵᠣᠭᠤᠰ ᠨᠢ ᠲᠣᠬᠳᠠᠬᠰᠠᠨ ᠴᠠᠭ ᠲᠤ ᠲᠠᠩᠰᠠᠨ ᠳᠤ ᠣᠷᠣᠵᠣ ᠲᠡᠶᠢᠯᠬᠦ ᠦᠬᠡᠢ ᠪᠤᠯ | ᠶᠠᠭᠠᠬᠢᠨ᠎ᠠ ᠪᠣᠢ︖︾ ᠬᠡᠵᠣ ᠵᠠᠷᠢᠮ ᠬᠦᠮᠦᠰ ᠰᠠᠨᠠᠭ᠎ᠠ ᠪᠤᠯᠵᠤ ᠪᠤ ᠢ᠃ | ᠵᠢᠱᠢᠶᠡᠯᠡᠪᠡᠯ᠂ ︽ᠦᠩᠭᠡᠷᠡᠭᠰᠡᠨ ᠳᠤ ATM ᠮᠠᠰᠢᠨ ᠢᠶᠠᠷ ᠲᠠᠮᠵᠢᠭᠤᠯᠵᠣ ᠶᠡᠭᠡ ᠰᠣᠷᠭᠠᠭᠤᠯᠢ ᠳᠤ | ᠰᠤᠷᠤᠯᠴᠠᠵᠤ ᠪᠠᠶᠢᠭ᠎ᠠ ᠬᠡᠣᠬᠡᠳ ᠲᠡᠭᠡᠨ ᠵᠣᠭᠤᠰ ᠭᠤᠪᠢᠭᠤᠯᠵᠣ ᠪᠠᠶᠢᠬᠰᠠᠨ᠂ ᠣᠳᠣ ᠬᠠᠷᠢᠨ 24 ᠴᠠᠭ ᠤᠨ ᠲᠠᠷᠠᠭ᠎ᠠ | ᠰᠠᠶ᠋ᠢ ᠲᠠᠩᠰᠠᠨ ᠳᠤᠨᠢ ᠣᠷᠣᠭᠤᠯᠬᠤ ᠪᠣᠯᠵᠠᠢ᠂ ᠬᠡᠷᠪᠡ ᠬᠡᠣᠬᠡᠳ ᠵᠣᠭᠤᠰ ᠵᠠᠷᠣᠬᠤ ᠪᠠᠴᠢᠮ ᠬᠡᠷᠡᠭᠴᠡᠭᠡ ᠲᠠᠢ ᠪᠣᠯ | ᠶᠠᠷᠰᠢᠭ ᠲᠠᠢ ᠪᠣᠯᠣᠨ᠎ᠠ︾ ᠬᠡᠵᠣ ᠨᠢᠬᠡ ᠪᠦᠯᠦᠭ ᠬᠡᠷ ᠤᠨ ᠠᠬᠠᠮᠠᠳ ᠰᠠᠨᠠᠭᠠᠰᠢᠷᠠᠨ᠎ᠠ᠃ | ᠪᠠᠰᠠ ᠵᠠᠷᠢᠮ ᠨᠢ ︽ᠭᠠᠷ ᠲᠠᠮᠵᠢᠬᠰᠠᠨ ᠬᠡᠷ ᠬᠤᠳᠠᠯᠳᠣᠨ ᠠᠪᠬᠤ ᠳᠤ ᠣᠷᠢᠳᠠᠪᠡᠷ ᠵᠠᠪᠠᠯ ᠵᠣᠬᠢᠬᠤ ᠲᠣᠭᠠᠨ ᠤ | ᠵᠣᠭᠤᠰ ᠲᠣᠰᠢᠶᠠᠪᠠᠯ ᠰᠠᠶ᠋ᠢ ᠬᠡᠷ ᠢᠶᠠᠨ ᠬᠤᠳᠠᠯᠳᠤᠬᠴᠢ ᠬᠡᠷ ᠢᠶᠠᠨ ᠦᠯᠡᠳᠡᠭᠡᠵᠣ ᠦᠭᠬᠦᠨ᠎ᠠ᠂ ᠬᠡᠷᠪᠡ ᠪᠡᠯᠡ ᠮᠦᠩᠬᠦ | ᠴᠠᠭ ᠲᠣᠬᠠᠢ ᠳᠤᠨᠢ ᠭᠡᠷ ᠬᠤᠳᠠᠯᠳᠤᠬᠴᠢ ᠶᠢᠨ ᠲᠠᠩᠰᠠᠨ ᠳᠤ ᠣᠷᠣᠬᠤ ᠦᠭᠡᠢ ᠪᠣᠯ ᠲᠤᠭᠤᠬᠰᠡᠨ ᠭᠡᠷ ᠢᠶᠠᠨ ᠤᠯᠵᠤ | ᠲᠡᠶᠢᠯᠭᠦ ᠦᠭᠡᠢ︾ ᠭᠡᠭᠦ ᠮᠡᠳᠤ ᠪᠠᠷᠰᠠᠨᠠᠭᠠᠰᠢᠷᠠᠵᠤ ᠪᠤᠢ᠃ | ᠲᠣᠮᠳᠠᠳᠣ ᠣᠯᠣᠰ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠮᠦᠩᠬᠦᠨ ᠬᠦᠢᠯᠬᠡᠭᠡᠨ ᠤ ᠭᠠᠵᠠᠷ ᠤᠨ | ᠪᠠᠩᠬᠢ ᠶᠢᠨ ᠰᠣᠳᠣᠯᠭᠠᠨ ᠤ ᠲᠠᠰᠤᠭ ᠤᠨ ᠡᠷᠬᠢᠯᠡᠭᠴᠢ ᠽᠧᠩ ᠭᠠᠩ ᠄ ︽ᠬᠡᠷᠡᠭ ᠲᠡᠭᠡᠷ᠎ᠠ ᠪᠠᠨ ᠬᠤᠪᠢ ᠬᠦᠮᠦᠨ | ᠲᠠᠩᠰᠠ ᠰᠢᠯᠵᠢᠬᠦᠯᠬᠦ ᠳᠤ ᠵᠠᠪᠠᠯ ATM ᠮᠠᠰᠢᠨ ᠢ ᠰᠣᠩᠭᠤᠨ᠎ᠠ ᠬᠡᠰᠡᠨ ᠶᠠᠪᠣᠳᠠᠯ ᠪᠢᠰᠢ᠂ ᠬᠡᠷᠪᠡ ᠲᠠᠷᠣᠢ | ᠲᠦᠷᠬᠡᠨ ᠲᠠᠩᠰᠠ ᠰᠢᠯᠵᠢᠬᠦᠯᠣᠶᠠ ᠬᠡᠪᠡᠯ ᠪᠠᠩᠬᠢ ᠶᠢᠨ ᠯᠠᠩᠬᠦᠢ᠂ ᠰᠦᠯᠵᠢᠶᠡᠨ ᠪᠠᠩᠬᠢ᠂ ᠭᠠᠷ ᠣᠳᠠᠰᠣᠨ ᠪᠠᠩᠬᠢ | ᠵᠡᠷᠭᠡ ᠪᠠᠷ ᠲᠠᠮᠵᠢᠭᠤᠯᠵᠣ ᠪᠣᠯᠣᠨ᠎ᠠ︾ ᠭᠡᠪᠡ᠃ ᠽᠧᠩ ᠭᠠᠩ ᠤᠨ ᠬᠡᠯᠡᠭᠦ ᠪᠠᠷ᠂ ᠲᠣᠮᠳᠠᠳᠣ ᠣᠯᠣᠰ ᠤᠨ ᠠᠷᠠᠳ ᠤᠨ | ᠪᠠᠩᠬᠢ ᠶᠢᠨ ᠲᠣᠭᠳᠠᠭᠠᠯ ᠢ ᠦᠨᠳᠣᠰᠣᠯᠠᠪᠠᠯ᠂ ᠬᠤᠵᠢᠮ ᠪᠠᠶᠢᠭᠤᠯᠣᠯᠭ᠎ᠠ ᠨᠢᠬᠡᠴᠡ ᠪᠣᠶᠣ ᠬᠤᠪᠢ ᠬᠦᠮᠦᠨ ᠦᠪᠡᠷ ᠤᠨ | ᠪᠣᠳᠠᠳᠠᠢ ᠬᠡᠷᠡᠭᠴᠡᠭᠡ ᠱᠠᠭᠠᠷᠳᠠᠯᠭ᠎ᠠ ᠪᠠᠨ ᠦᠨᠳᠣᠰᠣᠯᠠᠨ᠂ ᠪᠡᠯᠡ ᠮᠦᠩᠬᠦ ᠪᠠᠨ ᠲᠠᠩᠰᠠᠨ ᠳᠤ ᠣᠷᠣᠭᠤᠯᠬᠤ ᠠᠷᠭ᠎ᠠ | ᠬᠡᠯᠪᠡᠷᠢ ᠪᠠ ᠴᠠᠭ ᠬᠤᠭᠤᠴᠠᠭ᠎ᠠ ᠪᠠᠨ ᠦᠪᠡᠷ ᠢᠶᠠᠨ ᠰᠣᠩᠭᠤᠵᠣ ᠪᠣᠯᠣᠨ᠎ᠠ᠃ ᠪᠠᠴᠢᠮ ᠬᠡᠷᠡᠭᠴᠡᠭᠡ ᠲᠠᠢ ᠪᠡᠯᠡ | ᠮᠦᠩᠬᠦ ᠪᠠᠨ ᠪᠣᠳᠠᠳᠠᠢ ᠴᠠᠭ ᠲᠤ ᠲᠠᠩᠰᠠᠨ ᠳᠤ ᠣᠷᠣᠭᠤᠯᠬᠤ ᠬᠡᠯᠪᠡᠷᠢ ᠶᠢ ᠰᠣᠩᠭᠤᠵᠣ ᠪᠣᠯᠣᠨ᠎ᠠ᠂ ᠪᠠᠴᠢᠮ ᠪᠢᠰᠢ | ᠪᠤᠯ ᠪᠡᠯᠡ ᠮᠦᠩᠬᠦ ᠪᠠᠨ ᠡᠩ ᠤᠨ ᠬᠡᠯᠪᠡᠷᠢ ᠪᠣᠶᠣ ᠲᠠᠷᠠᠭ᠎ᠠ ᠡᠳᠣᠷ ᠨᠢ ᠲᠠᠩᠰᠠ ᠳᠤ ᠣᠷᠣᠭᠤᠯᠬᠤ ᠬᠡᠯᠪᠡᠷᠢ ᠶᠢ | ᠰᠣᠩᠭᠤᠵᠣ ᠪᠣᠯᠣᠨ᠎ᠠ᠃ | 24 ᠴᠠᠭ ᠤᠨ ᠳᠠᠷᠠᠭ᠎ᠠ ᠰᠠᠶ᠋ᠢ ᠲᠠᠩᠰᠠᠨ ᠳᠤ ᠰᠢᠯᠵᠢᠬᠦᠯᠣᠨᠠ ᠤᠤ︖ | ᠽᠧᠩ ᠭᠠᠩ ᠤᠨ ᠬᠡᠯᠡᠭᠦ ᠪᠠᠷ᠂ ︽ᠵᠣᠭᠤᠰ ᠪᠦᠬᠦᠨ ᠢ ᠵᠠᠪᠠᠯ 24 ᠴᠠᠭ ᠤᠨ ᠲᠠᠷᠠᠭ᠎ᠠ ᠰᠠᠶ᠋ᠢ ᠲᠠᠩᠰᠠᠨ ᠳᠤ | ᠣᠷᠣᠭᠤᠯᠣᠨ᠎ᠠ ᠬᠡᠰᠡᠨ ᠶᠠᠪᠣᠳᠠᠯ ᠪᠢᠰᠢ᠂ ᠬᠡᠷᠡᠭᠯᠡᠭᠴᠢ ᠦᠪᠡᠷ ᠤᠨ ᠬᠡᠷᠡᠭᠴᠡᠭᠡ ᠱᠠᠭᠠᠷᠳᠠᠯᠭ᠎ᠠ ᠪᠠᠨ ᠦᠨᠳᠣᠰᠣᠯᠠᠨ᠂ | ᠲᠠᠩᠰᠠᠨ ᠳᠤ ᠣᠷᠣᠭᠤᠯᠬᠤ ᠲᠣᠬᠢᠷᠠᠮᠵᠢᠳᠠᠢ ᠴᠠᠭ ᠢᠶᠠᠨ ᠰᠣᠩᠭᠤᠵᠣ ᠪᠣᠯᠣᠨ᠎ᠠ᠃ ᠵᠢᠱᠢᠶᠡᠯᠡᠪᠡᠯ ᠠᠪᠤ ᠡᠵᠢ ᠪᠣᠶᠣ | ᠦᠷ᠎ᠠ ᠬᠡᠣᠬᠡᠳ ᠵᠡᠷᠭᠡ ᠲᠠᠨᠢᠯ ᠲᠠᠰᠣᠯ ᠮᠦᠷᠳᠡᠭᠡᠨ ᠦᠷᠬᠦᠯᠵᠢ ᠬᠡᠷᠡᠭᠯᠡᠳᠡᠭ ᠲᠠᠩᠰᠠᠨ ᠳᠤ ᠵᠣᠭᠤᠰ | ᠭᠤᠪᠢᠭᠤᠯᠬᠤ ᠳᠤ ᠪᠣᠳᠠᠳᠠᠢ ᠴᠠᠭ ᠤᠨ ᠲᠠᠩᠰᠠᠨ ᠳᠤ ᠣᠷᠣᠭᠤᠯᠬᠤ ᠬᠡᠯᠪᠡᠷᠢ ᠶᠢ ᠰᠣᠩᠭᠤᠵᠣ ᠪᠣᠯᠣᠨ᠎ᠠ᠃ ᠲᠠᠨᠢᠯ | ᠲᠠᠰᠣᠯ ᠪᠣᠰᠣ ᠪᠣᠶᠣ ᠲᠡᠮᠡᠢ ᠲᠣᠳᠣᠷᠬᠠᠢ ᠦᠭᠡᠢ ᠬᠦᠮᠦᠨ ᠳᠤ ᠵᠣᠭᠤᠰ ᠭᠤᠪᠢᠭᠤᠯᠬᠤ ᠳᠤ ᠲᠠᠷᠠᠭ᠎ᠠ ᠡᠳᠣᠷ ᠨᠢ | ᠲᠠᠩᠰᠠᠨ ᠳᠤ ᠣᠷᠣᠭᠤᠯᠬᠤ ᠬᠡᠯᠪᠡᠷᠢ ᠶᠢ ᠰᠣᠩᠭᠤᠵᠣ ᠪᠣᠯᠣᠨ᠎ᠠ᠃ ATM ᠮᠠᠰᠢᠨ ᠢᠶᠠᠷ ᠲᠠᠩᠰᠠ | ᠰᠢᠯᠵᠢᠬᠦᠯᠬᠦ ᠲᠣᠭᠳᠠᠭᠠᠯ ᠨᠢ ᠬᠡᠷᠡᠭᠯᠡᠭᠴᠢ ᠶᠢᠨ ᠲᠠᠩᠰᠠ ᠰᠢᠯᠵᠢᠬᠦᠯᠬᠦ ᠳᠤ ᠲᠡᠮᠡᠢ ᠶᠡᠭᠡ ᠬᠠᠷᠰᠢ ᠪᠣᠯᠬᠤ ᠦᠭᠡᠢ᠂ | ᠵᠦᠪᠬᠡᠨ ᠪᠠᠩᠬᠢ ᠶᠢᠨ ᠢᠳᠡᠪᠬᠢᠳᠠᠢ ᠵᠢᠯᠣᠭᠤᠳᠣᠯᠭ᠎ᠠ ᠪᠠᠷ ᠲᠠᠮᠵᠢᠭᠤᠯᠵᠣ᠂ ᠬᠡᠷᠡᠭᠯᠡᠭᠴᠢ ᠶᠢ ᠬᠠᠪᠰᠣᠷᠣᠨ | ᠦᠩᠭᠡᠷᠡᠭᠰᠡᠨ ᠤ ᠲᠠᠩᠰᠠ ᠰᠢᠯᠵᠢᠬᠦᠯᠣᠨ ᠵᠣᠭᠤᠰ ᠭᠤᠪᠢᠭᠤᠯᠬᠤ ᠲᠠᠳᠬᠠᠯ ᠢ ᠦᠬᠡᠷᠡᠴᠢᠯᠡᠵᠣ᠂ ᠮᠡᠬᠡᠯᠡᠭᠳᠡᠬᠦ ᠠᠴᠠ | ᠰᠡᠷᠭᠡᠶᠢᠯᠡᠭᠰᠡᠨ ᠲᠠᠳᠣᠢ︾ ᠭᠡᠪᠡ᠃ | ᠡᠬᠦᠨ ᠳᠤ ᠠᠩᠬᠠᠷᠣᠭᠤᠰᠢᠳᠠᠢ ᠨᠢ᠂ ᠲᠠᠷᠠᠭ᠎ᠠ ᠡᠳᠣᠷ ᠨᠢ ᠰᠠᠶ᠋ᠢ ᠲᠠᠩᠰᠠᠨ ᠳᠤ ᠣᠷᠣᠭᠤᠯᠣᠨ᠎ᠠ ᠬᠡᠳᠡᠭ ᠨᠢ | ᠵᠠᠪᠠᠯ 24 ᠴᠠᠭ ᠤᠨ ᠲᠠᠷᠠᠭ᠎ᠠ ᠰᠠᠶᠢ ᠲᠠᠩᠰᠠᠨ ᠳᠤ ᠣᠷᠣᠭᠤᠯᠣᠨ᠎ᠠ ᠬᠡᠰᠡᠨ ᠶᠠᠪᠣᠳᠠᠯ ᠪᠢᠰᠢ᠃ ᠲᠣᠮᠳᠠᠳᠣ | ᠣᠯᠣᠰ ᠤᠨ ᠣᠢᠢᠯᠡᠳᠪᠦᠷᠢ ᠬᠤᠳᠠᠯᠳᠣᠭᠠᠨ ᠤ ᠪᠠᠩᠬᠢ ᠶᠢᠨ ᠬᠤᠪᠢ ᠬᠦᠮᠦᠨ ᠤ ᠮᠦᠩᠬᠦᠨ ᠬᠦᠢᠯᠭᠡᠭᠡᠨ ᠤ | ᠬᠡᠯᠳᠡᠰ ᠤᠨ ᠲᠦᠷᠦᠯ ᠵᠦᠢᠯ ᠤᠨ ᠬᠠᠮᠢᠶᠠᠷᠣᠯᠳᠠ ᠶᠢᠨ ᠭᠠᠵᠠᠷ ᠤᠨ ᠲᠠᠷᠤᠭ᠎ᠠ ᠵᠠᠩ ᠬᠠᠩ ᠢᠣᠢ᠄ ︽ᠲᠠᠷᠠᠭ᠎ᠠ | ᠡᠳᠣᠷ ᠨᠢ ᠰᠠᠶ᠋ᠢ ᠲᠠᠩᠰᠠᠨ ᠳᠤ ᠣᠷᠣᠭᠤᠯᠣᠨ᠎ᠠ ᠬᠡᠳᠡᠭ ᠨᠢ ᠰᠦᠨᠢ ᠶᠢᠨ ᠲᠡᠭ ᠴᠠᠭ ᠢᠶᠠᠷ ᠵᠠᠭᠠᠭ ᠱᠣᠭᠤᠮ | ᠪᠣᠯᠭᠠᠬᠰᠠᠨ ᠪᠠᠶᠢᠨ᠎ᠠ᠂ ᠲᠠᠷᠣᠢ ᠦᠨᠣ ᠰᠦᠨᠢ ᠶᠢᠨ 11 ᠴᠠᠭ 59 ᠮᠢᠨᠦ᠋ᠲ ᠲᠤ ᠭᠠᠷᠳᠠᠮ ᠬᠦᠢᠴᠡᠳᠭᠡᠭᠰᠡᠨ ᠤ | ᠲᠠᠷᠠᠭ᠎ᠠ᠂ ᠲᠠᠷᠠᠭ᠎ᠠ ᠡᠳᠣᠷ ᠨᠢ ᠲᠠᠩᠰᠠᠨ ᠳᠤ ᠣᠷᠣᠭᠤᠯᠬᠤ ᠬᠡᠳᠡᠭ ᠨᠢ ᠰᠦᠨᠢ ᠶᠢᠨ 12 ᠴᠠᠭ ᠦᠩᠭᠡᠷᠡᠪᠡᠯ ᠲᠠᠷᠣᠢ | ᠲᠠᠷᠠᠭ᠎ᠠ ᠡᠳᠣᠷ ᠤᠨ ᠲᠠᠩᠰᠠᠨ ᠳᠤ ᠣᠷᠣᠭᠤᠯᠬᠤ ᠴᠠᠭ ᠨᠢ ᠪᠣᠯᠴᠢᠬᠠᠨ᠎ᠠ᠃ ᠦᠬᠡᠷ᠎ᠠ ᠪᠠᠷ ᠬᠡᠯᠡᠪᠡᠯ ᠪᠠᠩᠬᠢ ᠠᠴᠠ | ᠨᠢᠬᠡᠯᠡ ᠮᠢᠨᠦ᠋ᠲ ᠤᠨ ᠲᠠᠷᠠᠭ᠎ᠠ ᠲᠠᠷᠣᠢ ᠲᠠᠩᠰᠠ ᠰᠢᠯᠵᠢᠬᠦᠯᠵᠣ ᠦᠭᠬᠦᠨ᠎ᠠ᠃ ᠡᠩ ᠤᠨ ᠬᠡᠯᠪᠡᠷᠢ ᠪᠠᠷ ᠲᠠᠩᠰᠠᠨ ᠳᠤ | ᠣᠷᠣᠭᠤᠯᠣᠨ᠎ᠠ ᠬᠡᠳᠡᠭ ᠨᠢ ᠡᠩ ᠤᠨ ᠪᠠᠶᠢᠳᠠᠯ ᠳᠤ ᠵᠣᠭᠤᠰ ᠭᠤᠪᠢᠭᠤᠯᠬᠤ ᠠᠵᠢᠯ ᠢ ᠬᠦᠯᠢᠶᠡᠵᠣ ᠠᠪᠣᠬᠰᠠᠨ ᠤ 2 | ᠴᠠᠭ ᠤᠨ ᠲᠠᠷᠠᠭ᠎ᠠ ᠲᠠᠩᠰᠠᠨ ᠳᠤ ᠣᠷᠣᠭᠤᠯᠬᠤ ᠶᠢ ᠵᠢᠭᠠᠵᠣ ᠪᠣᠢ᠂ ᠪᠣᠳᠠᠳᠠᠢ ᠴᠠᠭ ᠲᠤ ᠲᠠᠩᠰᠠᠨ ᠳᠤ ᠣᠷᠣᠭᠤᠯᠣᠨ᠎ᠠ | ᠬᠡᠳᠡᠭ ᠨᠢ ᠰᠠᠶ᠋ᠢ ᠲᠠᠷᠣᠢ ᠲᠦᠷᠭᠡᠨ ᠲᠠᠩᠰᠠᠨ ᠳᠤ ᠣᠷᠣᠭᠤᠯᠬᠤ ᠶᠢ ᠵᠢᠭᠠᠵᠣ ᠪᠣᠢ︾ ᠭᠡᠪᠡ᠃ | ᠤᠯᠠᠩᠭᠢ ᠬᠦᠮᠦᠨ ︽ᠵᠣᠭᠤᠰ ᠢᠶᠠᠨ ATM ᠮᠠᠰᠢᠨ ᠢᠶᠠᠷ ᠲᠠᠮᠵᠢᠭᠤᠯᠵᠣ ᠲᠠᠩᠰᠠᠨ ᠠᠴᠠ ᠰᠢᠯᠵᠢᠬᠦᠯᠵᠣ | ᠭᠠᠷᠭᠠᠬᠰᠠᠨ ᠤ ᠲᠠᠷᠠᠭ᠎ᠠ ᠲᠣᠰᠬᠤ ᠲᠠᠯ᠎ᠠ ᠶᠢᠨ ᠬᠢᠨ ᠲᠣᠰᠴᠣ ᠣᠯᠣᠬᠰᠠᠨ ᠦᠭᠡᠢ ᠪᠣᠯ ᠵᠣᠭᠤᠰ ᠴᠣᠬᠤᠮ ᠬᠠᠮᠢᠭ᠎ᠠ | ᠣᠷᠣᠴᠢᠬᠠᠬᠰᠠᠨ ᠪᠣᠢ︖︾ ᠬᠡᠵᠣ ᠠᠰᠠᠭᠤᠵᠤ ᠪᠠᠶᠢᠨ᠎ᠠ᠃ ᠡᠬᠦᠨ ᠤ ᠲᠣᠬᠠᠢ ᠵᠠᠩ ᠬᠠᠩ ᠢᠣᠢ᠄ ︽ᠠᠳᠠᠯᠢ | ᠪᠣᠰᠣ ᠪᠠᠩᠬᠢ ᠠᠳᠠᠯᠢ ᠪᠣᠰᠣ ᠰᠢᠢᠳᠪᠦᠷᠢᠯᠡᠬᠦ ᠠᠷᠭ᠎ᠠ ᠲᠠᠢ᠃ ᠣᠢᠢᠯᠡᠳᠪᠦᠷᠢ ᠬᠤᠳᠠᠯᠳᠣᠭᠠᠨ ᠤ ᠪᠠᠩᠬᠢ ᠪ᠊ | ᠰᠢᠢᠳᠪᠦᠷᠢᠯᠡᠬᠦ ᠠᠴᠠ ᠡᠮᠣᠨ᠎ᠠ ᠬᠡᠷᠡᠭᠯᠡᠭᠴᠢ ᠶᠢᠨ ᠵᠣᠭᠤᠰ ᠨᠢ ᠮᠦᠨᠬᠦ ᠬᠡᠷᠡᠭᠯᠡᠭᠴᠢ ᠶᠢᠨ ᠲᠠᠩᠰᠠᠨ ᠲᠣᠳᠣᠷ᠎ᠠ | ᠪᠠᠶᠢᠬᠰᠠᠭᠠᠷ᠂ ᠬᠡᠪᠡᠴᠣ ᠴᠡᠪᠳᠡᠭᠯᠡᠬᠦ ᠪᠠᠶᠢᠳᠠᠯ ᠳᠤ ᠣᠷᠣᠰᠢᠵᠣ᠂ ᠲᠦᠷ ᠴᠠᠭ ᠬᠡᠷᠡᠭᠯᠡᠬᠦ ᠠᠷᠭ᠎ᠠ ᠦᠭᠡᠢ ᠪᠣᠯ | ᠬᠡᠷᠡᠭᠯᠡᠭᠴᠢ ᠣᠳᠠᠰᠣ ᠪᠣᠶᠣ ᠰᠦᠯᠵᠢᠶᠡᠨ ᠦᠷᠳᠡᠭᠡ ᠵᠡᠷᠭᠡ ᠠᠷᠭ᠎ᠠ ᠵᠠᠮ ᠢᠶᠠᠷ ᠵᠣᠭᠤᠰ ᠢᠶᠠᠨ ᠪᠣᠴᠠᠭᠠᠨ ᠠᠪᠴᠣ | ᠪᠣᠯᠣᠨ᠎ᠠ︾ ᠭᠡᠵᠤ ᠲᠠᠶᠢᠯᠪᠤᠷᠢᠯᠡᠨ ᠶᠠᠷᠢᠪᠡ᠃ | ᠵᠠᠩ ᠬᠠᠩ ᠢᠤᠢ ᠶᠢᠨ ᠲᠠᠶᠢᠯᠪᠤᠷᠢᠯᠠᠬᠰᠡᠨ ᠢᠶᠠᠷ᠂ ᠨᠢᠬᠡ ᠪᠠᠩᠭᠢ ᠶᠢᠨ ᠲᠠᠩᠰᠠᠨ ᠳᠤ 5 ᠲᠦᠮᠡᠨ ᠲᠦᠭᠦᠷᠢᠭ | ᠵᠣᠭᠤᠰ ᠲᠠᠢ ᠪᠠᠶᠢᠵᠣ᠂ ᠬᠡᠷᠡᠭᠯᠡᠭᠴᠢ ATM ᠮᠠᠰᠢᠨ ᠢᠶᠠᠷ 1 ᠲᠦᠮᠡᠨ ᠲᠦᠭᠦᠷᠢᠭ ᠢ ᠪᠤᠰᠤᠳ ᠲᠤ ᠰᠢᠯᠵᠢᠬᠦᠯᠵᠣ | ᠦᠭᠬᠦᠭᠰᠡᠨ ᠪᠣᠯ᠂ ᠪᠠᠩᠬᠢ ᠠᠴᠠ ᠵᠣᠭᠤᠰ ᠢ ᠴᠢᠨᠢ ᠨᠦᠬᠦᠬᠡ ᠡᠳᠡᠭᠡᠳ ᠲᠤ ᠭᠤᠪᠢᠭᠤᠯᠵᠣ ᠶᠠᠪᠣᠭᠤᠯᠬᠤ ᠠᠴᠠ | ᠡᠮᠣᠨ᠎ᠠ ᠲᠠᠨ ᠤ ᠬᠤᠪᠢ ᠬᠦᠮᠦᠨ ᠤ ᠲᠠᠩᠰᠠᠨ ᠲᠣᠳᠣᠷᠠᠬᠢ ᠦᠯᠡᠳᠡᠪᠦᠷᠢ ᠵᠣᠭᠤᠰ ᠨᠢ ᠮᠦᠨᠬᠦ 5 ᠲᠦᠮᠡᠨ ᠲᠦᠭᠦᠷᠢᠭ | ᠪᠠᠶᠢᠨ᠎ᠠ᠂ ᠬᠡᠪᠡᠴᠣ ᠭᠤᠪᠢᠭᠤᠯᠬᠤ ᠪᠤᠯᠤᠬᠰᠡᠨ 1ᠲᠦᠮᠡᠨ ᠲᠦᠭᠦᠷᠢᠭ ᠵᠣᠭᠤᠰ ᠴᠢᠨᠢ ᠮᠦᠨ ᠯᠡ ᠲᠠᠨ ᠤ | ᠲᠠᠩᠰᠠᠨ ᠳᠤ ᠪᠠᠶᠢᠳᠠᠭ ᠴᠤ ᠲᠦᠷ ᠴᠠᠭ ᠬᠡᠷᠡᠭᠯᠡᠵᠣ ᠲᠡᠶᠢᠯᠬᠦ ᠦᠭᠡᠢ᠃ | ᠬᠡᠪ ᠤᠨ ᠪᠣᠰᠣ ᠲᠠᠩᠰᠠᠨ ᠡᠷᠣᠬᠡ ᠶᠢ ᠬᠢᠨᠠᠨ ᠡᠵᠡᠮᠳᠡᠬᠦ ᠪᠠᠨ ᠴᠢᠩᠭᠠᠳᠬᠠᠬᠤ ᠬᠡᠷᠡᠭᠳᠡᠢ ᠮᠠᠰᠢ ᠤᠯᠡᠨ | ᠬᠦᠮᠦᠨ ATM ᠮᠠᠰᠢᠨ ᠢᠶᠠᠷ ᠲᠠᠩᠰᠡ ᠰᠢᠯᠵᠢᠭᠦᠯᠭᠦ ᠳᠤ᠂ ᠵᠤᠭᠤᠰ ᠨᠢ 24 ᠴᠠᠭ ᠤᠨ ᠳᠠᠷᠠᠭ᠎ᠠ ᠰᠠᠶ᠋ᠢ ᠨᠦᠭᠦᠭᠡ | ᠲᠠᠯ᠎ᠠ ᠶᠢᠨ ᠲᠠᠩᠰᠡᠨ ᠳᠤ ᠤᠷᠤᠭᠤᠯᠬᠤ ᠪᠤᠯᠤᠬᠰᠡᠨ ᠨᠢ ᠮᠡᠭᠡᠯᠡᠭᠴᠢ ᠳᠤ ᠮᠡᠭᠡᠯᠡᠭᠳᠡᠭᠦ ᠶᠢ ᠰᠡᠷᠭᠡᠶᠢᠯᠡᠭᠦ ᠪᠦᠳᠦᠮᠵᠢᠳᠡᠢ | ᠠᠷᠭ᠎ᠠ ᠪᠤᠯᠵᠤ ᠮᠡᠳᠡᠨ᠎ᠠ ᠭᠡᠵᠤ ᠬᠠᠯᠠᠭᠤᠨ ᠢᠶᠠᠷ ᠬᠦᠷᠢᠶᠠᠯᠡᠵᠤ ᠪᠠᠶᠢᠨ᠎ᠠ᠃ ᠬᠡᠪᠡᠴᠣ ᠪᠠᠭ᠎ᠠ ᠪᠤᠰᠤ ᠬᠦᠮᠦᠨ ᠤᠨᠳᠤᠤ | ᠰᠠᠨᠠᠯ ᠢᠶᠠᠨ ᠢᠯᠡᠳᠭᠡᠵᠤ ᠪᠤᠢ᠃ ᠲᠢᠶᠠᠨᠵᠢᠨ ᠬᠤᠳᠠ ᠶᠢᠨ ᠠᠵᠢᠯ ᠠᠴᠠ ᠪᠠᠨ ᠠᠮᠠᠷᠠᠬᠰᠠᠨ ᠰᠦᠨ ᠡᠮᠴᠢ᠄ ︽ | ATM ᠮᠠᠰᠢᠨ ᠢᠶᠠᠷ ᠲᠠᠩᠰᠡ ᠰᠢᠯᠵᠢᠬᠦᠯᠬᠦ ᠴᠠᠭ ᠢ ᠣᠷᠳᠣᠳᠬᠠᠬᠰᠠᠨ ᠨᠢ᠂ ᠵᠦᠪᠬᠡᠨ ᠴᠠᠬᠢᠯᠭᠠᠨ ᠬᠤᠯᠪᠣᠭ᠎ᠠ ᠶᠢᠨ | ᠮᠡᠭᠡᠯᠡᠯ ᠢ ᠰᠡᠷᠭᠡᠶᠢᠯᠡᠭᠦ ᠲᠦᠷᠦᠬᠦᠣ ᠨᠢᠬᠡ ᠬᠠᠯᠬᠠᠪᠴᠢ ᠲᠠᠳᠣᠢ᠂ ᠬᠡᠪᠡᠴᠣ ᠵᠠᠷᠢᠮ ᠬᠦᠮᠦᠨ ᠬᠤᠣᠳᠣᠣ ᠠᠴᠠ ᠪᠣᠯᠵᠣ | ᠣᠷᠬᠠᠨ ᠳᠤ ᠣᠨᠠᠬᠤ ᠨᠢ ᠯᠠᠪᠳᠠᠢ᠃ ᠭᠠᠭᠴᠠᠬᠦ ᠮᠡᠬᠡᠯᠡᠬᠦ ᠪᠦᠯᠬᠦᠮ ᠤᠨ ᠪᠡᠯᠡ ᠮᠦᠩᠬᠦ ᠶᠢ ᠦᠷ᠎ᠠ ᠪᠦᠳᠣᠮᠵᠢᠳᠠᠢ ᠪᠠᠷ | ᠬᠠᠰᠢᠵᠣ ᠬᠤᠷᠢᠭᠠᠵᠣ ᠴᠢᠳᠠᠪᠠᠯ ᠰᠠᠶ᠋ᠢ ᠲᠠᠩᠰᠡ ᠰᠢᠯᠵᠢᠬᠦᠯᠣᠨ ᠠᠪᠬᠤ ᠶᠢ ᠬᠢᠵᠠᠭᠠᠷᠯᠠᠵᠣ᠂ ᠬᠤᠬᠢᠷᠠᠯ ᠢ ᠬᠠᠮᠤᠭ | ᠶᠡᠭᠡ ᠬᠡᠮᠵᠢᠶ᠎ᠠ ᠪᠠᠷ ᠪᠠᠭᠠᠰᠬᠠᠵᠣ ᠴᠢᠳᠠᠨ᠎ᠠ︾ ᠭᠡᠪᠡ᠃ ᠰᠦᠨ ᠡᠮᠴᠢ ᠡᠨᠡ ᠵᠢᠯ ᠤᠨ ︽10 · 1︾ ᠤ | ᠠᠮᠠᠷᠠᠯᠳᠠ ᠶᠢᠨ ᠬᠤᠭᠤᠴᠠᠭᠠᠨ ᠳᠤ᠂ ᠦᠪᠡᠷ ᠢᠶᠠᠨ ᠪᠠᠩᠬᠢ ᠶᠢᠨ ᠯᠠᠩᠬᠦᠢ ᠳᠤ ᠣᠴᠢᠵᠣ᠂ 2 ᠲᠦᠮᠡᠨ ᠲᠦᠭᠦᠷᠢᠭ | ᠭᠤᠪᠢᠭᠤᠯᠪᠡ᠂ ᠮᠡᠭᠡᠯᠡᠭᠳᠡᠭᠰᠡᠨ ᠭᠡᠳᠡᠭ ᠢᠶᠠᠨ ᠵᠤᠭᠤᠰ ᠢᠶᠠᠨ ᠭᠤᠪᠢᠭᠤᠯᠤᠬᠰᠡᠨ ᠤ ᠳᠠᠷᠠᠭ᠎ᠠ ᠰᠠᠶ᠋ᠢ ᠰᠡᠷᠡᠵᠤ ᠮᠡᠳᠡᠪᠡ᠂ | ᠵᠤᠭᠤᠰ ᠨᠢ ᠣᠳᠣ ᠪᠣᠯᠳᠠᠯ᠎ᠠ ᠪᠠᠷ᠎ᠠ ᠰᠣᠷᠠᠭ ᠦᠭᠡᠢ ᠪᠠᠶᠢᠬᠰᠠᠭᠠᠷ᠃ ᠮᠡᠬᠡᠯᠡᠭᠳᠡᠭᠰᠡᠨ ᠪᠡᠯᠡ ᠮᠦᠩᠬᠦᠨ ᠤ ᠰᠢᠯᠵᠢᠭᠰᠡᠨ | ᠵᠦᠭ ᠴᠢᠭ ᠪᠠ ᠠᠷᠭ᠎ᠠ ᠵᠠᠮ ᠢ ᠬᠠᠶᠢᠨ ᠰᠢᠯᠣᠭᠤᠳᠬᠠᠵᠣ᠂ ᠲᠠᠩᠰᠠ ᠰᠢᠯᠵᠢᠬᠦᠯᠵᠣ ᠰᠠᠯᠭᠠᠪᠦᠷᠢᠯᠠᠨ ᠠᠪᠣᠬᠰᠠᠨ | ᠶᠠᠪᠣᠴᠠ ᠪᠠ ATM ᠮᠠᠰᠢᠨ ᠠᠴᠠ ᠪᠡᠯᠡᠨ ᠵᠣᠭᠤᠰ ᠭᠠᠷᠭᠠᠵᠤ ᠠᠪᠣᠬᠰᠠᠨ ᠦᠩᠬᠡᠷᠡᠯᠳᠡ ᠶᠢ ᠮᠡᠳᠡᠵᠣ ᠠᠪᠬᠤ ᠨᠢ | ᠴᠠᠬᠢᠯᠭᠠᠨ ᠬᠤᠯᠪᠣᠭᠠᠨ ᠤ ᠮᠡᠭᠡᠯᠡᠯ ᠢ ᠬᠤᠷᠢᠬᠯᠠᠵᠣ ᠬᠢᠵᠠᠭᠠᠷᠯᠠᠬᠤ ᠶᠢᠨ ᠵᠠᠩᠬᠢᠯᠠᠭ᠎ᠠ ᠶᠢᠨ ᠭᠤᠬᠴᠤᠭ᠎ᠠ ᠪᠣᠯᠣᠨ᠎ᠠ᠃ | ᠮᠡᠬᠡᠯᠡᠭᠴᠢ ᠮᠡᠭᠡᠯᠡᠭᠦ ᠵᠣᠷᠢᠯᠭ᠎ᠠ ᠳᠠᠭᠠᠨ ᠬᠦᠷᠦᠭᠰᠡᠨ ᠤ ᠲᠠᠷᠠᠭ᠎ᠠ ATM ᠮᠠᠰᠢᠨ ᠠᠴᠠ ᠮᠡᠬᠡᠯᠡᠭᠰᠡᠨ ᠵᠣᠭᠤᠰ ᠢᠶᠠᠨ | ᠭᠠᠷᠭᠠᠨ ᠠᠪᠳᠠᠭ᠃ ᠨᠢᠬᠡ ATM ᠮᠠᠰᠢᠨ ᠠᠴᠠ ᠨᠢᠬᠡ ᠡᠳᠣᠷ ᠬᠠᠮᠤᠭ ᠠᠷᠪᠢᠨ ᠳᠠᠭᠠᠨ ᠵᠦᠪᠬᠡᠨ 2 ᠲᠦᠮᠡᠨ | ᠲᠦᠭᠦᠷᠢᠭ ᠭᠠᠷᠭᠠᠨ ᠠᠪᠴᠣ ᠪᠣᠯᠳᠠᠭ᠃ ᠡᠶᠢᠮᠣ ᠠᠴᠠ ᠶᠡᠭᠡ ᠲᠣᠭᠠᠨ ᠤ ᠮᠡᠬᠡᠯᠡᠭᠰᠡᠨ ᠵᠣᠭᠤᠰ ᠢ ᠮᠡᠬᠡᠯᠡᠭᠴᠢ ᠨᠠᠷ | ᠲᠠᠷᠣᠢ ᠲᠦᠷᠭᠡᠨ ᠬᠡᠳᠣᠨ ᠠᠷᠪᠠ ᠴᠢᠨᠠᠬᠰᠢᠯᠠᠨ ᠵᠠᠭᠤ ᠪᠠᠷ ᠬᠤᠪᠢᠶᠠᠵᠤ᠂ ATM ᠮᠠᠰᠢᠨ ᠠᠴᠠ ᠭᠠᠷᠭᠠᠨ ᠠᠪᠳᠠᠭ᠃ | ᠨᠢᠬᠡᠯᠡ ᠲᠠᠩᠰᠠᠨ ᠠᠴᠠ ᠠᠳᠠᠯᠢ ᠨᠢᠬᠡᠨ ᠴᠠᠭ ᠲᠣᠳᠣᠷ᠎ᠠ ᠠᠳᠠᠯᠢ ᠪᠤᠰᠤ ᠣᠯᠠᠨ ᠲᠠᠩᠰᠠᠨ ᠤ ᠡᠷᠣᠬᠡ ᠳᠤ 2 | ᠲᠦᠮᠡᠨ ᠲᠦᠭᠦᠷᠢᠭ ᠰᠢᠯᠵᠢᠬᠦᠯᠬᠦ ᠨᠢ ᠠᠮᠢᠳᠣᠷᠠᠯ ᠲᠤᠮᠳᠠ ᠨᠠᠶᠢᠳᠠᠮ ᠡᠭᠦᠰᠳᠡᠭ ᠦᠵᠡᠭᠳᠡᠯ ᠪᠢᠰᠢ᠂ ᠲᠠᠶᠢᠮᠤ ᠠᠴᠠ | ᠪᠠᠩᠬᠢ ᠡᠶᠢᠮᠣᠷᠬᠦ ᠬᠡᠪ ᠤᠨ ᠪᠣᠰᠣ ᠦᠵᠡᠭᠳᠡᠯ ᠡᠭᠦᠰᠭᠦ ᠦᠶ᠎ᠠ ᠳᠤ ᠲᠠᠩᠰᠠᠨ ᠤ ᠡᠷᠣᠬᠡ ᠶᠢ ᠬᠢᠨᠠᠨ ᠡᠵᠡᠮᠳᠡᠬᠦ ᠪᠠᠨ | ᠴᠢᠩᠭᠠᠳᠬᠠᠬᠤ ᠬᠡᠷᠡᠭᠳᠡᠢ᠃ | ᠲᠣᠮᠳᠠᠳᠣ ᠣᠯᠣᠰ ᠤᠨ ᠠᠷᠠᠳ ᠤᠨ ᠪᠠᠩᠬᠢ ᠶᠢᠨ ᠬᠤᠯᠪᠣᠬᠳᠠᠯ ᠪᠦᠬᠦᠢ ᠬᠠᠷᠢᠭᠤᠴᠠᠯᠭᠠᠳᠠᠨ ᠤ | ᠲᠠᠨᠢᠯᠴᠠᠭᠤᠯᠬᠤ ᠪᠠᠷ᠂ ᠴᠠᠬᠢᠯᠭᠠᠨ ᠬᠤᠯᠪᠣᠭᠠᠨ ᠤ ᠰᠢᠨ᠎ᠠ ᠬᠡᠯᠪᠡᠷᠢ ᠶᠢᠨ ᠮᠡᠬᠡᠯᠡᠯ ᠨᠢ ᠭᠤᠣᠯᠳᠠᠭᠤ ᠲᠠᠩᠰᠠᠨ | ᠡᠷᠣᠬᠡ ᠶᠢᠨ ᠬᠠᠮᠢᠶᠠᠷᠣᠯᠳᠠ ᠰᠣᠯᠠ ᠵᠠᠳᠠᠭᠠᠢ ᠪᠠᠶᠢᠬᠤ ᠶᠢ ᠵᠠᠪᠰᠢᠨ ᠲᠠᠯᠢᠮᠳᠠᠭᠤᠯᠵᠣ ᠪᠠᠶᠢᠨ᠎ᠠ᠃ ᠲᠠᠷᠣᠢ ᠲᠠᠩᠰᠠᠨᠤ | ᠡᠷᠣᠬᠡ ᠪᠠᠨ ᠬᠤᠳᠠᠯᠳᠣᠬᠤ᠂ ᠨᠡᠷ᠎ᠠ ᠪᠣᠷᠣᠭᠤᠯᠠᠨ ᠲᠠᠩᠰᠠᠨ ᠡᠷᠣᠬᠡ ᠨᠡᠭᠡᠭᠡᠬᠦ ᠪᠣᠶᠣ ᠬᠤᠳᠠᠯ ᠬᠠᠭᠤᠷᠮᠠᠭ ᠣᠷᠣᠯᠠᠬᠤ | ᠬᠠᠷᠢᠴᠠᠭ᠎ᠠ ᠪᠠᠷ ᠲᠠᠩᠰᠠᠨ ᠡᠷᠣᠬᠡ ᠨᠡᠭᠡᠭᠡᠳᠡᠭ᠃ ᠪᠠᠶᠢᠭᠤᠯᠣᠯᠭ᠎ᠠ ᠨᠢᠬᠡᠴᠡ ᠪᠠ ᠬᠤᠪᠢ ᠬᠦᠮᠦᠨ ᠤ ᠮᠠᠭᠤ | ᠨᠦᠯᠦᠬᠡ ᠲᠠᠢ ᠲᠠᠩᠰᠠᠨ ᠡᠷᠣᠬᠡ ᠶᠢᠨ ᠠᠵᠢᠯᠯᠠᠭ᠎ᠠ ᠶᠢᠨ ᠬᠠᠣᠯᠢ ᠶᠢᠨ ᠬᠠᠷᠢᠭᠤᠴᠠᠯᠭ᠎ᠠ ᠨᠢ ᠲᠣᠳᠣᠷᠬᠠᠢ ᠦᠭᠡᠢ᠂ | ᠲᠣᠭᠳᠠᠭᠠᠯ ᠠᠴᠠ ᠵᠦᠷᠢᠴᠡᠭᠰᠡᠨ ᠤ ᠲᠠᠷᠠᠭ᠎ᠠ ᠲᠣᠷᠭᠠᠵᠣ ᠰᠢᠢᠳᠭᠡᠬᠦ ᠬᠦᠴᠣᠯᠡᠴᠡ ᠨᠢ ᠰᠣᠯᠠ ᠪᠣᠯᠬᠤᠷ ᠨᠢᠬᠡ ᠪᠦᠯᠦᠭ | ᠬᠦᠮᠦᠰ ᠠᠰᠢᠭ ᠬᠤᠨᠵᠢᠪᠦᠷᠢ ᠶᠢᠨ ᠲᠦᠯᠦᠭᠡ ᠪᠠᠩᠬᠢ ᠶᠢᠨ ᠲᠠᠩᠰᠠᠨ ᠡᠷᠣᠬᠡ ᠪᠠ ᠲᠣᠭᠠᠴᠠᠭ᠎ᠠ ᠬᠢᠬᠦ ᠲᠠᠩᠰᠠᠨ | ᠡᠷᠣᠬᠡ ᠶᠢ ᠶᠡᠭᠡ ᠬᠡᠮᠵᠢᠶ᠎ᠠ ᠪᠠᠷ ᠨᠡᠭᠡᠭᠡᠵᠣ᠂ ᠬᠠᠣᠯᠢ ᠪᠣᠰᠣ ᠡᠳᠡᠭᠡᠳ ᠲᠤ ᠬᠤᠳᠠᠯᠳᠣᠨ ᠦᠭᠴᠤ ᠬᠤᠨᠵᠢᠪᠦᠷᠢ | ᠣᠯᠳᠠᠭ᠂ ᠬᠠᠣᠯᠢ ᠪᠣᠰᠣ ᠡᠳᠡᠭᠡᠳ ᠴᠤ ᠪᠣᠰᠣᠳ ᠬᠦᠮᠦᠨ ᠤ ᠲᠠᠩᠰᠠᠨ ᠤ ᠡᠷᠣᠬᠡ ᠶᠢ ᠶᠡᠭᠡ ᠬᠡᠮᠵᠢᠶ᠎ᠠ ᠪᠠᠷ | ᠬᠤᠳᠠᠯᠳᠣᠨ ᠠᠪᠴᠣ᠂ ᠨᠡᠷ᠎ᠠ ᠪᠣᠷᠣᠭᠤᠯᠠᠨ ᠲᠠᠩᠰᠠᠨ ᠡᠷᠣᠬᠡ ᠨᠡᠭᠡᠭᠡᠬᠦ᠂ ᠬᠤᠳᠠᠯ ᠬᠠᠭᠤᠷᠮᠠᠭ ᠣᠷᠣᠯᠠᠬᠤ | ᠬᠠᠷᠢᠴᠠᠭ᠎ᠠ ᠪᠠᠷ ᠲᠠᠩᠰᠠᠨ ᠤ ᠡᠷᠣᠬᠡ ᠨᠡᠭᠡᠭᠡᠬᠦ ᠵᠡᠷᠭᠡ ᠠᠷᠭ᠎ᠠ ᠪᠠᠰᠢᠷ ᠢᠶᠠᠷ ᠮᠡᠬᠡᠯᠡᠬᠦ ᠠᠵᠢᠯᠯᠠᠭ᠎ᠠ ᠬᠢᠳᠡᠭ᠃ ᠡᠳᠡᠭᠡᠷ | ᠲᠣᠭᠳᠠᠭᠠᠯ ᠠᠴᠠ ᠵᠦᠷᠢᠴᠡᠭᠰᠡᠨ ᠠᠵᠢᠯᠯᠠᠭ᠎ᠠ ᠶᠢ ᠲᠠᠬᠢᠨ ᠲᠠᠪᠳᠠᠨ ᠬᠤᠷᠢᠬᠯᠠᠭᠠᠳ ᠬᠤᠷᠢᠬᠯᠠᠵᠣ ᠲᠡᠶᠢᠯᠬᠦ ᠦᠭᠡᠢ | ᠪᠠᠶᠢᠬᠤ ᠶᠢᠨ ᠭᠤᠣᠯ ᠰᠢᠯᠳᠠᠭᠠᠨ ᠨᠢ ᠵᠠᠯᠬᠠᠭᠠᠵᠣ ᠲᠣᠷᠭᠠᠬᠤ ᠲᠣᠭᠳᠠᠴᠠ ᠨᠢ ᠲᠡᠬᠦᠯᠳᠡᠷ ᠪᠣᠰᠣ᠂ ᠣᠨᠴᠠᠭᠠᠢᠢᠯᠠᠨ | ᠪᠠᠶᠢᠭᠤᠯᠣᠯᠭ᠎ᠠ ᠨᠢᠬᠡᠴᠡ ᠪᠠ ᠬᠤᠪᠢ ᠬᠦᠮᠦᠨ ᠤ ᠲᠣᠭᠳᠠᠭᠠᠯ ᠠᠴᠠ ᠵᠦᠷᠢᠴᠡᠭᠰᠡᠨ ᠠᠵᠢᠯᠯᠠᠭ᠎ᠠ ᠶᠢ ᠪᠦᠳᠣᠮᠵᠢᠳᠠᠢ ᠪᠠᠷ | ᠵᠠᠯᠬᠠᠭᠠᠵᠣ ᠲᠣᠷᠭᠠᠬᠤ ᠳᠦᠷᠢᠮ ᠲᠤᠬᠳᠠᠭᠠᠯ ᠪᠠ ᠠᠷᠭ᠎ᠠ ᠪᠠᠶᠢᠬᠤ ᠦᠭᠡᠢ ᠨᠢ ᠣᠳᠣᠬᠠᠨ ᠤ ᠲᠠᠩᠰᠠᠨ ᠡᠷᠣᠬᠡ ᠶᠢᠨ | ᠦᠨᠡᠨ ᠨᠡᠷ᠎ᠠ ᠶᠢᠨ ᠲᠦᠷᠢᠮ ᠢ ᠨᠠᠶᠢᠳᠠᠪᠦᠷᠢᠵᠢᠭᠤᠯᠬᠤ ᠠᠵᠢᠯ ᠲᠣᠮᠳᠠᠬᠢ ᠬᠦᠴᠢᠷᠳᠡᠯ ᠪᠣᠯᠵᠣ ᠪᠠᠶᠢᠨ᠎ᠠ᠃ | | ᠣᠢᠢᠯᠠᠭᠠᠬᠰᠠᠨ ᠢᠶᠠᠷ᠂ ᠴᠠᠬᠢᠯᠭᠠᠨ ᠬᠤᠯᠪᠣᠭ᠎ᠠ ᠪᠠᠷ ᠮᠡᠬᠡᠯᠡᠭᠰᠡᠨ ᠬᠡᠪ ᠤᠨ ᠪᠣᠰᠣ ᠪᠡᠯᠡ ᠮᠦᠩᠬᠦᠨ ᠤ | ᠰᠢᠯᠵᠢᠯᠳᠠ ᠶᠢ ᠣᠯᠠᠮ ᠠᠴᠠ ᠣᠯᠠᠮ ᠴᠢᠩᠭ᠎ᠠ ᠢᠯᠭᠠᠨ ᠲᠣᠳᠣᠯᠠᠬᠤ ᠪᠣᠯᠵᠣ ᠪᠠᠶᠢᠨ᠎ᠠ᠃ ᠣᠳᠣᠬᠠᠨ ᠳᠤ | ᠣᠢᠢᠯᠡᠳᠪᠦᠷᠢ ᠬᠤᠳᠠᠯᠳᠣᠭᠠᠨ ᠤ ᠪᠠᠩᠬᠢ ᠴᠠᠬᠢᠯᠭᠠᠨ ᠬᠤᠯᠪᠣᠭ᠎ᠠ ᠪᠠᠷ ᠮᠡᠬᠡᠯᠡᠬᠦ ᠲᠠᠩᠰᠠᠨ ᠡᠷᠣᠬᠡ ᠣᠯᠠᠨ᠂ ᠶᠡᠭᠡ | ᠲᠣᠭᠠᠨ ᠤ ᠪᠡᠯᠡ ᠮᠦᠩᠬᠦ ᠶᠢ ᠬᠡᠪ ᠤᠨ ᠪᠣᠰᠣ ᠪᠠᠷ ᠲᠠᠩᠰᠠ ᠰᠢᠯᠵᠢᠬᠦᠯᠬᠦ᠂ ᠪᠡᠯᠡ ᠮᠦᠩᠬᠦ ᠶᠢ ᠬᠤᠪᠢᠶᠠᠨ ᠰᠠᠯᠭᠠᠵᠤ | ᠭᠠᠷᠭᠠᠨ ᠠᠪᠬᠤ ᠵᠡᠷᠭᠡ ᠶᠠᠯ᠎ᠠ ᠬᠢᠬᠦ ᠣᠨᠴᠠᠯᠢᠭ ᠲᠤ ᠴᠢᠭᠯᠡᠬᠦᠯᠣᠨ᠂ ᠮᠡᠬᠡᠯᠡᠯ ᠤᠨ ᠠᠵᠢᠯᠯᠠᠭ᠎ᠠ ᠶᠢ ᠬᠢᠨᠡᠨ ᠭᠡᠷᠡᠴᠢᠯᠡᠭᠦ | ᠵᠠᠬᠪᠣᠷ ᠢ ᠰᠣᠳᠣᠯᠣᠨ ᠨᠡᠭᠡᠭᠡᠵᠣ᠂ ᠲᠠᠩᠰᠠ ᠰᠢᠯᠵᠢᠬᠦᠯᠦᠭᠰᠡᠨ ᠲᠤᠭ᠎ᠠ ᠪᠠ ᠲᠠᠩᠰᠠ ᠰᠢᠯᠵᠢᠬᠦᠯᠬᠦ ᠪᠡᠯᠡ ᠮᠦᠩᠬᠦᠨ ᠤ | ᠨᠣᠷᠮ᠎ᠠ ᠶᠢ ᠬᠢᠵᠠᠭᠠᠷᠯᠠᠬᠤ ᠵᠡᠷᠭᠡ ᠲᠠᠯ᠎ᠠ ᠪᠠᠷ ᠰᠡᠵᠢᠭᠯᠡᠯᠳᠡᠢ ᠲᠠᠩᠰᠠᠨ ᠡᠷᠣᠬᠡ ᠶᠢᠨ ᠪᠡᠯᠡ ᠮᠦᠩᠬᠦ ᠶᠢ ᠬᠢᠨᠠᠨ | ᠡᠵᠡᠮᠳᠡᠬᠦ ᠶᠢ ᠪᠡᠶᠡᠯᠡᠬᠦᠯᠬᠦ ᠪᠠᠷ ᠴᠢᠷᠮᠠᠶᠢᠵᠣ ᠪᠠᠶᠢᠨ᠎ᠠ᠂ ᠡᠨᠡᠬᠦ ᠰᠢᠰᠲ᠋ᠧᠮ 2016 ᠣᠨ ᠤ 12 ᠰᠠᠷ᠎ᠠ ᠳᠤ | ᠪᠡᠶᠡᠯᠡᠭᠳᠡᠬᠦ ᠪᠣᠯᠣᠯᠴᠠᠭ᠎ᠠ ᠲᠠᠢ᠃ ᠡᠬᠦᠨ ᠤ ᠬᠠᠮᠳᠣ ᠪᠠᠰᠠ ᠬᠡᠷᠡᠭ ᠲᠤ ᠬᠤᠯᠪᠣᠬᠳᠠᠬᠰᠠᠨ ᠲᠡᠩᠰᠠᠨ ᠡᠷᠣᠬᠡ ᠶᠢᠨ | ᠴᠠᠬᠢᠯᠭᠠᠨ ᠬᠤᠯᠪᠣᠭ᠎ᠠ ᠪᠠᠷ ᠮᠡᠬᠡᠯᠡᠬᠦ ᠶᠢ ᠡᠬᠢ ᠡᠬᠦᠰᠣᠯ ᠠᠴᠠ ᠨᠢ ᠬᠤᠷᠢᠬᠠᠯᠠ ᠲᠠᠰᠣᠯᠬᠤ ᠶᠢᠨ ᠲᠦᠯᠦᠬᠡ᠂ | ᠣᠢᠢᠯᠡᠳᠪᠦᠷᠢ ᠬᠤᠳᠠᠯᠳᠣᠭᠠᠨ ᠤ ᠪᠠᠩᠬᠢ ᠲᠣᠳᠣᠭᠠᠳᠣ ᠶᠢ ᠬᠠᠮᠠᠭᠠᠯᠠᠬᠤ ᠰᠠᠯᠠᠭ᠎ᠠ ᠮᠦᠴᠢᠷ ᠲᠠᠢ ᠬᠠᠮᠳᠣᠷᠠᠨ | ᠣᠢᠢᠯᠠᠳᠪᠦᠷᠢ ᠬᠤᠳᠠᠯᠳᠣᠭᠠᠨ ᠤ ᠪᠠᠩᠬᠢ ᠳᠤ ᠰᠢᠨ᠎ᠠ ᠲᠠᠩᠰᠠᠨ ᠡᠷᠣᠬᠡ ᠪᠠᠶᠢᠭᠤᠯᠬᠤ ᠳᠤ ᠲᠡᠷᠡ ᠲᠣᠣᠷ᠎ᠠ ᠨᠢ | ᠰᠡᠷᠡᠮᠵᠢᠯᠡᠬᠦᠯᠬᠦ ᠲᠣᠬᠢᠶ᠎ᠠ ᠦᠭᠳᠡᠭ᠃ | ᠽᠧᠩ ᠭᠠᠩ᠄ ︽ᠴᠠᠬᠢᠯᠭᠠᠨ ᠬᠤᠯᠪᠣᠭᠠᠨ ᠤ ᠮᠡᠬᠡᠯᠡᠯ ᠳᠤ ᠴᠣᠬᠢᠯᠳᠠ ᠦᠭᠬᠦ ᠳᠤ᠂ ᠨᠢᠬᠡ ᠲᠠᠯ᠎ᠠ ᠪᠠᠷ | ᠵᠠᠰᠠᠭ ᠤᠨ ᠣᠷᠳᠣᠨ ᠠᠴᠠ ᠴᠠᠬᠢᠯᠭᠠᠨ ᠬᠤᠯᠪᠣᠭ᠎ᠠ ᠪᠠᠷ ᠮᠡᠬᠡᠯᠡᠭᠰᠡᠨ ᠬᠡᠷᠡᠭ ᠢ ᠰᠢᠢᠳᠪᠦᠷᠢᠯᠡᠬᠦ ᠪᠠ ᠰᠢᠳᠭᠡᠭᠦ | ᠬᠦᠴᠣᠯᠡᠴᠡ ᠪᠠᠨ ᠴᠢᠩᠭᠠᠷᠠᠭᠤᠯᠵᠣ᠂ ᠶᠠᠯ᠎ᠠ ᠬᠢᠭᠴᠢᠳ ᠤᠨ ᠬᠠᠣᠯᠢ ᠠᠴᠠ ᠵᠦᠷᠢᠴᠡᠬᠦ ᠦᠪᠡᠷ ᠤᠨ ᠦᠷᠳᠡᠭᠢ | ᠨᠡᠮᠡᠭᠳᠡᠬᠦᠯᠵᠣ᠂ ᠡᠶᠢᠮᠣᠷᠬᠦ ᠬᠡᠷᠡᠭ ᠤᠨ ᠲᠠᠬᠢᠵᠣ ᠡᠬᠦᠰᠬᠦ ᠶᠢ ᠡᠬᠢ ᠡᠬᠦᠰᠣᠯ ᠠᠴᠠ ᠬᠤᠷᠢᠬᠯᠠᠬᠤ ᠬᠡᠷᠡᠭᠳᠡᠢ᠂ ᠨᠦᠬᠦᠬᠡ | ᠲᠠᠯ᠎ᠠ ᠪᠠᠷ ᠪᠠᠩᠬᠢ ᠶᠢᠨ ᠲᠠᠯ᠎ᠠ ᠶᠢᠨ ᠬᠢᠨ ᠴᠤ ᠬᠡᠷᠡᠭ ᠲᠤ ᠬᠤᠯᠪᠣᠬᠳᠠᠬᠰᠠᠨ ᠪᠠᠩᠬᠢ ᠶᠢᠨ ᠲᠠᠩᠰᠠ ᠰᠢᠯᠵᠢᠬᠦᠯᠭᠦ | ᠮᠡᠬᠡᠯᠡᠯ ᠤᠨ ᠬᠡᠷᠡᠭ ᠲᠤ ᠨᠠᠷᠢᠨ ᠨᠢᠮᠪᠠᠢ ᠵᠠᠳᠠᠯᠣᠯᠳᠠ ᠬᠢᠵᠣ᠂ ᠲᠦᠷᠢᠮ ᠤᠨ ᠲᠠᠯ᠎ᠠ ᠪᠠᠷ ᠣᠷᠢᠳᠴᠢᠯᠡᠨ ᠰᠡᠷᠭᠡᠶᠢᠯᠡᠬᠦ ᠶᠢ | ᠴᠢᠩᠭᠠᠳᠬᠠᠬᠤ ᠬᠡᠷᠡᠭᠳᠡᠢ︾ ᠭᠡᠪᠡ᠃ ﹇ᠬᠠᠮᠢᠶ᠎ᠠ ᠪᠦᠬᠦᠢ ᠬᠤᠯᠪᠣᠭᠠᠰᠤ﹈ ᠭᠠᠷ ᠣᠳᠠᠰᠣ ᠪᠠᠷ ᠲᠤᠭᠠᠴᠠᠭ᠎ᠠ ᠬᠢᠭᠦ ᠭᠠᠷ | ᠣᠳᠠᠰᠣ ᠪᠠᠷ ᠲᠣᠭᠠᠴᠠᠭ᠎ᠠ ᠬᠢᠬᠦ ᠪᠣᠯ ᠬᠡᠷᠡᠭᠯᠡᠭᠴᠢ ᠶᠢᠨ ᠬᠦᠷᠳᠡᠭᠰᠡᠨ ᠣᠢᠢᠯᠡᠴᠢᠯᠡᠭᠡ ᠪᠣᠶᠣ ᠬᠤᠳᠠᠯᠳᠤᠨ ᠠᠪᠤᠬᠰᠡᠨ | ᠲᠠᠸᠠᠷ ᠲᠠᠭᠠᠨ ᠭᠠᠷ ᠣᠳᠠᠰᠣ ᠪᠠᠷ ᠲᠣᠭᠠᠴᠠᠭ᠎ᠠ ᠬᠢᠬᠦ ᠨᠢᠬᠡ ᠵᠦᠢᠯ ᠤᠨ ᠣᠢᠢᠯᠡᠴᠢᠯᠡᠭᠡᠨ ᠤ ᠬᠡᠯᠪᠡᠷᠢ ᠪᠣᠯᠣᠨ᠎ᠠ᠂ | ᠲᠠᠷᠣᠢ ᠡᠯᠧᠺᠲᠷᠣᠨ ᠢᠶᠠᠷ ᠲᠤᠭᠠᠴᠠᠭ᠎ᠠ ᠬᠢᠭᠦ ᠶᠢᠨ ᠨᠢᠬᠡ ᠬᠡᠯᠪᠡᠷᠢ ᠪᠣᠯᠣᠨ᠎ᠠ᠃ ᠮᠦᠨᠴᠣ ᠣᠳᠣᠬᠠᠨ ᠤ ᠢᠨᠲ᠋ᠧᠷ | ᠰᠦᠯᠵᠢᠶ᠎ᠠ ᠶᠢᠨ ᠮᠦᠩᠬᠦᠨ ᠬᠦᠢᠯᠬᠡᠬᠡᠨ ᠤ ᠴᠢᠬᠤᠯᠠ ᠠᠭᠤᠯᠭ᠎ᠠ ᠶᠢᠨ ᠨᠢᠭᠡ ᠪᠤᠯᠤᠨ᠎ᠠ᠃ ᠲᠡᠭᠡᠪᠡᠯ ᠭᠠᠷ | ᠣᠳᠠᠰᠣ ᠪᠠᠷ ᠲᠣᠭᠠᠴᠠᠭ᠎ᠠ ᠬᠢᠬᠦ ᠳᠤ ᠶᠠᠮᠠᠷ ᠭᠡᠳᠦᠨ ᠬᠡᠯᠪᠡᠷᠢ ᠪᠠᠶᠢᠬᠤ ᠪᠣᠢ︖ ᠭᠠᠷ ᠣᠳᠠᠰᠣ ᠪᠠᠷ ᠲᠣᠭᠠᠴᠠᠭ᠎ᠠ ᠭᠢᠭᠦ | ᠬᠡᠯᠪᠡᠷᠢ ᠳᠤ ᠭᠤᠤᠯᠳᠠᠭᠤ ᠭᠠᠷ ᠤᠳᠠᠰᠤᠨ ᠤ ᠰᠦᠢᠳᠭᠡᠯ ᠲᠤᠰᠢᠶᠠᠬᠤ᠂ ᠪᠠᠶᠢᠡᠭᠭᠤ ᠶᠢᠨ ᠴᠢᠨᠠᠷᠳᠠᠢ ᠬᠤᠯᠪᠤᠬᠰᠡᠨ | ᠪᠠᠩᠭᠢ ᠶᠢᠨ ᠺᠠᠷᠲ ᠢᠶᠠᠷ ᠲᠤᠭᠠᠴᠠᠭ᠎ᠠ ᠬᠢᠭᠦ᠂ ᠪᠠᠩᠭᠢ ᠶᠢᠨ ᠬᠤᠯᠪᠤᠭᠠᠨ ᠤ ᠺᠠᠷᠲ ᠢᠶᠠᠷ ᠲᠦᠷᠭᠡᠨ ᠲᠤᠭᠠᠴᠠᠭ᠎ᠠ ᠬᠢᠭᠦ | ᠵᠡᠷᠭᠡ ᠪᠠᠶᠢᠵᠤ᠂ ᠭᠠᠷ ᠤᠳᠠᠰᠤᠨ ᠪᠠᠷ ᠲᠤᠭᠠᠴᠠᠭ᠎ᠠ ᠬᠢᠭᠦ ᠲᠦᠷᠦᠯ ᠵᠦᠢᠯ ᠳᠤ᠂ ᡁᠢ ᠹᠦ᠋ ᠪᠤᠤ ᠪᠠᠷ ᠲᠤᠭᠠᠴᠠᠭ᠎ᠠ ᠬᠢᠭᠦ᠂ | ᠰᠢᠯᠵᠢᠭᠡ ᠲᠤᠭᠠᠴᠠᠭ᠎ᠠ ᠬᠢᠭᠦ ᠪᠠ ᠠᠨ ᠵᠢᠶᠧ ᠪᠠᠷ ᠲᠤᠭᠠᠴᠠᠭ᠎ᠠ ᠬᠢᠭᠦ ᠵᠡᠷᠭᠡ ᠪᠠᠶᠢᠨ᠎ᠠ᠃ | ᠨᠢᠬᠡ᠂ ᠭᠠᠷ ᠣᠳᠠᠰᠣ ᠪᠠᠷ ᠲᠣᠭᠠᠴᠠᠭ᠎ᠠ ᠬᠢᠬᠦ ᠬᠡᠯᠪᠡᠷᠢ | ᠭᠠᠷ ᠣᠳᠠᠰᠣᠨ ᠤ ᠰᠦᠢᠳᠭᠡᠯ ᠲᠤᠰᠢᠶᠠᠬᠤ᠃ ᠭᠠᠷ ᠤᠳᠠᠰᠤᠨ ᠤ ᠰᠦᠢᠳᠭᠡᠯ ᠢᠶᠠᠨ ᠰᠢᠭᠤᠳ ᠭᠠᠷ | ᠤᠳᠠᠰᠤ ᠪᠠᠷ ᠲᠤᠰᠢᠶᠠᠬᠤ ᠶᠢ ᠬᠡᠯᠡᠨ᠎ᠠ᠂ ᠲᠠᠷᠣᠢ ᠰᠢᠯᠵᠢᠭᠡ ᠬᠤᠯᠪᠣᠭ᠎ᠠ ᠠᠴᠠ ᠬᠠᠨᠭ᠍ᠭᠠᠭᠰᠡᠨ ᠭᠠᠷ ᠤᠳᠠᠰᠤᠨ ᠤ | ᠰᠦᠢᠳᠭᠡᠯ ᠤᠨ ᠲᠠᠩᠰᠠ ᠪᠠᠨ ᠦᠨᠳᠦᠰᠦᠯᠡᠨ ᠰᠦᠢᠳᠭᠡᠯ ᠲᠣᠰᠢᠶᠠᠨ᠎ᠠ᠃ ᠬᠡᠪᠡᠴᠣ ᠰᠢᠯᠵᠢᠭᠡ | ᠬᠤᠯᠪᠣᠭ᠎ᠠ ᠶᠢᠨ ᠬᠢᠨ ᠤ ᠬᠠᠭ᠍ᠭᠠᠭᠰᠡᠨ ᠲᠠᠩᠰᠠ ᠪᠠᠷ ᠰᠦᠢᠳᠭᠡᠯ ᠲᠤᠰᠢᠶᠠᠪᠠᠯ᠂ ᠪᠤᠳᠠᠳᠠᠢ ᠬᠡᠷᠡᠭᠯᠡᠭᠰᠡᠨ ᠠᠴᠠ ᠪᠠᠨ | ᠪᠤᠰᠤᠳ ᠢᠯᠡᠭᠦᠴᠠ ᠵᠠᠷᠤᠳᠠᠯ ᠰᠦᠢᠳᠭᠡᠯ ᠲᠤᠰᠢᠶᠠᠵᠤ ᠮᠡᠳᠡᠨ᠎ᠠ᠃ ᠡᠶᠢᠮᠣ ᠠᠴᠠ ᠴᠠᠬᠢᠯᠭᠠᠨ ᠬᠤᠯᠪᠣᠭ᠎ᠠ ᠶᠢᠨ | ᠲᠠᠯ᠎ᠠ ᠶᠢᠨ ᠬᠢᠨ ᠤ ᠡᠵᠡᠩᠨᠡᠬᠦ ᠬᠦᠷᠢᠶ᠎ᠠ ᠬᠡᠪᠴᠢᠶ᠎ᠠ ᠶᠢ ᠵᠦᠪᠬᠡᠨ ᠭᠠᠷ ᠣᠳᠠᠰᠣᠨ ᠤ ᠬᠤᠩᠬᠤᠨ ᠲᠠᠭᠤ ᠶᠢ | ᠪᠠᠭᠤᠯᠭᠠᠵᠣ ᠠᠪᠬᠤ ᠵᠡᠷᠭᠡ ᠬᠢᠵᠠᠭᠠᠷ ᠲᠠᠢ ᠬᠦᠷᠢᠶ᠎ᠠ ᠬᠡᠪᠴᠢᠶᠡᠨ ᠳᠤ ᠬᠢᠵᠠᠭᠠᠷᠯᠠᠵᠣ᠂ ᠠᠷᠠᠯᠵᠢᠶ᠎ᠠ ᠰᠣᠯᠢᠯᠴᠠᠭᠠᠨ ᠤ | ᠲᠤᠭ᠎ᠠ ᠨᠣᠷᠮ᠎ᠠ ᠶᠢ ᠲᠠᠪᠠᠭᠤᠯᠵᠣ ᠪᠣᠯᠬᠤ ᠦᠭᠡᠢ᠃ | ᠪᠠᠶᠢᠡᠭᠭᠤ ᠶᠢᠨ ᠴᠢᠨᠠᠷᠳᠠᠢ ᠪᠠᠷ ᠬᠤᠯᠪᠤᠬᠰᠠᠨ ᠪᠠᠩᠭᠢ ᠶᠢᠨ ᠺᠠᠷᠲ ᠲᠤ ᠲᠤᠭᠠᠴᠠᠭ᠎ᠠ ᠬᠢᠭᠦ᠃ ᠰᠦᠢᠳᠭᠡᠯ ᠢ | ᠪᠠᠶᠢᠡᠭᠭᠤ ᠶᠢᠨ ᠴᠢᠨᠠᠷᠳᠡᠢ ᠪᠠᠷ ᠬᠤᠯᠪᠤᠬᠰᠡᠨ ᠪᠠᠩᠭᠢ ᠶᠢᠨ ᠺᠠᠷᠲ ᠪᠠ ᠪᠠᠩᠭᠢ ᠶᠢᠨ ᠢᠳᠡᠭᠡᠮᠵᠢᠳᠤ ᠺᠠᠷᠲ ᠠᠴᠠ | ᠰᠢᠭᠤᠳ ᠬᠠᠰᠤᠨ ᠠᠪᠳᠠᠭ᠂ ᠡᠨᠡᠭᠦ ᠶᠠᠪᠤᠴᠠ ᠳᠤ ᠭᠠᠷ ᠣᠳᠠᠰᠣ ᠨᠢ ᠵᠦᠪᠬᠡᠨ ᠮᠡᠳᠡᠭᠡ ᠵᠠᠩᠬᠢ ᠶᠢ ᠲᠠᠮᠵᠢᠭᠤᠯᠬᠤ | ᠯᠡ ᠣᠢᠢᠯᠡᠳᠣᠯ ᠲᠠᠢ᠂ ᠣᠳᠠᠭ᠎ᠠ ᠪᠦᠷᠢ ᠰᠦᠢᠳᠭᠡᠯ ᠬᠠᠰᠣᠬᠤ ᠦᠶ᠎ᠠ ᠳᠤ ᠴᠠᠬᠢᠮ ᠴᠢᠮᠡᠭᠡᠨ ᠤ ᠬᠡᠯᠪᠡᠷᠢ ᠪᠠᠷ | ᠲᠣᠬᠢᠶ᠎ᠠ ᠦᠭᠴᠣ᠂ ᠬᠡᠷᠡᠭᠯᠡᠭᠴᠢ ᠶᠢᠨ ᠪᠠᠩᠬᠢ ᠶᠢᠨ ᠲᠠᠩᠰᠠ ᠪᠣᠶᠣ ᠢᠳᠡᠭᠡᠮᠵᠢ ᠶᠢᠨ ᠺᠠᠷᠲ ᠢ ᠭᠠᠷ ᠣᠳᠠᠰᠣ ᠲᠠᠢ | ᠵᠠᠯᠭᠠᠭᠤᠯᠳᠠᠭ᠂ ᠬᠡᠷᠪᠡ ᠭᠠᠷ ᠣᠳᠠᠰᠣᠨ ᠤ ᠨᠣᠮᠧᠷ ᠢᠶᠠᠨ ᠰᠣᠯᠢᠪᠠᠯ ᠵᠠᠪᠠᠯ ᠲᠠᠩᠰᠠᠨ ᠡᠷᠣᠬᠡ ᠨᠡᠭᠡᠭᠡᠭᠰᠡᠨ ᠪᠠᠩᠬᠢ ᠳᠤ | ᠣᠴᠢᠵᠣ ᠲᠠᠩᠰᠠᠨ ᠤ ᠡᠷᠣᠬᠡ ᠶᠢᠨ ᠨᠣᠮᠧᠷ ᠢᠶᠠᠨ ᠰᠣᠯᠢᠬᠤ ᠬᠡᠷᠡᠭᠳᠡᠢ᠃ ᠪᠠᠩᠭᠢ ᠶᠢᠨ ᠬᠤᠯᠪᠤᠭᠠᠨ ᠤ ᠺᠠᠷᠲ ᠢᠶᠠᠷ | ᠲᠤᠭᠠᠴᠠᠭ᠎ᠠ ᠬᠢᠭᠦ᠃ ᠪᠠᠩᠭᠢ ᠶᠢᠨ ᠺᠠᠷᠲ ᠢᠶᠠᠨ ᠪᠠᠶᠢᠡᠭᠭᠤ ᠶᠢᠨ ᠴᠢᠨᠠᠷᠳᠡᠢ ᠪᠠᠷ ᠬᠤᠯᠪᠤᠬᠰᠡᠨ ᠦᠭᠡᠢ ᠪᠤᠯ᠂ | ᠪᠠᠩᠭᠢ ᠳᠤ ᠬᠦᠷᠴᠤ ᠭᠠᠷ ᠤᠳᠠᠰᠤᠨ ᠪᠠᠷ ᠲᠤᠭᠠᠴᠠᠭ᠎ᠠ ᠬᠢᠭᠦ ᠴᠢᠳᠠᠮᠵᠢ ᠶᠢ ᠨᠡᠭᠡᠭᠡᠭᠰᠡᠨ ᠤ ᠬᠡᠷᠡᠭ ᠦᠭᠡᠢ᠂ | ᠪᠠᠩᠭᠢ ᠶᠢᠨ ᠬᠤᠯᠪᠤᠭᠠᠨ ᠤ ᠲᠡᠮᠳᠡᠭ ᠲᠠᠢ ᠢᠳᠡᠭᠡᠮᠵᠢ ᠶᠢᠨ ᠺᠠᠷᠲ ᠢᠶᠠᠷ ᠰᠢᠭᠤᠳ ᠲᠤᠭᠠᠴᠠᠭ᠎ᠠ ᠬᠢᠵᠤ ᠪᠤᠯᠤᠨ᠎ᠠ᠂ | ᠡᠶᠢᠮᠣᠷᠬᠦ ᠬᠡᠯᠪᠡᠷᠢ ᠨᠢ ᠬᠠᠮᠤᠭ ᠲᠦᠬᠦᠮ ᠲᠦᠳᠡ ᠲᠦᠷᠬᠡᠨ ᠪᠠᠶᠢᠳᠠᠭ᠃ | ᠬᠤᠶᠠᠷ᠂ ᠭᠠᠷ ᠣᠳᠠᠰᠣ ᠪᠠᠷ ᠲᠣᠭᠠᠴᠠᠭ᠎ᠠ ᠬᠢᠬᠦ ᠲᠦᠷᠦᠯ ᠵᠦᠢᠯ | ᡁᠢ ᠹᠦ᠋ ᠪᠤᠤ ᠪᠠᠷ ᠲᠤᠭᠠᠴᠠᠭ᠎ᠠ ᠬᠢᠭᠦ᠃ ᡁᠢ ᠹᠦ᠋ ᠪᠤᠤ ᠪᠠᠷ ᠲᠤᠭᠠᠴᠠᠭ᠎ᠠ ᠬᠢᠭᠦ ᠬᠡᠳᠡᠭ ᠨᠢ ᠭᠠᠷ | ᠤᠳᠠᠰᠤᠨ ᠳᠠᠭᠠᠨ ᡁᠢ ᠹᠦ᠋ ᠪᠤᠤ ᠶᠢᠨ ᠵᠦᠭᠡᠯᠡᠨ ᠲᠤᠨᠤᠭ ᠢ ᠤᠬᠰᠠᠷᠠᠬᠰᠡᠨ ᠤ ᠲᠠᠷᠠᠭ᠎ᠠ᠂ ᠭᠠᠷ ᠣᠳᠠᠰᠣᠨ ᠤ ᠴᠠᠬᠢᠮ | ᠴᠢᠮᠡᠭᠡ ᠪᠠᠷ ᠣᠨᠴᠠᠭᠠᠢᠢᠯᠠᠨ ᠲᠣᠭᠳᠠᠬᠰᠠᠨ ᠴᠠᠬᠢᠮ ᠴᠢᠮᠡᠭᠡ ᠶᠢᠨ ᠤᠨᠴᠠᠭᠠᠢ ᠣᠢᠢᠯᠡᠴᠢᠯᠡᠭᠡ ᠶᠢᠨ ᠨᠣᠮᠧᠷ ᠢ ᠠᠰᠢᠬᠯᠡᠨ | ᠂ ᠲᠠᠩᠰᠠ ᠰᠢᠯᠵᠢᠬᠦᠯᠬᠦ ᠪᠤᠶᠤ ᠬᠤᠳᠠᠯᠳᠤᠨ ᠠᠪᠤᠬᠰᠡᠨ ᠪᠠᠷᠠᠭ᠎ᠠ ᠳᠠᠭᠠᠨ ᠲᠤᠭᠠᠴᠠᠭ᠎ᠠ ᠬᠢᠭᠦ ᠶᠢ ᠬᠡᠯᠡᠨ᠎ᠠ᠃ ᠡᠨᠡᠬᠦ | ᠲᠦᠷᠦᠯ ᠵᠦᠢᠯ ᠢ ᠰᠣᠩᠭᠤᠪᠠᠯ ᠲᠠᠷᠠ ᠲᠠᠷᠣᠢ ᠲᠣᠭᠠᠴᠠᠭ᠎ᠠ ᠬᠢᠵᠣ ᠪᠣᠯᠣᠨ᠎ᠠ᠂ ᡁᠢ ᠹᠦ᠋ ᠪᠤᠤ ᠪᠠᠷ ᠲᠣᠣ ᠪᠣᠣ | ᠰᠦᠯᠵᠢᠶ᠎ᠠ ᠠᠴᠠ ᠠᠪᠤᠬᠰᠡᠨ ᠵᠦᠢᠯᠡᠰ ᠲᠤ ᠲᠤᠭᠠᠴᠠᠭ᠎ᠠ ᠬᠢᠭᠦ ᠳᠤ ᠬᠠᠮᠤᠭ ᠲᠦᠭᠦᠮ ᠪᠦᠭᠡᠳ ᠲᠦᠷᠭᠡᠨ ᠪᠠᠶᠢᠳᠠᠭ᠃ | | ᠰᠢᠯᠵᠢᠭᠡ ᠲᠣᠭᠠᠴᠠᠭ᠎ᠠ ᠬᠢᠭᠦ᠃ ᠬᠡᠷᠡᠭᠯᠡᠭᠴᠢ ᠭᠠᠷ ᠣᠳᠠᠰᠣᠨ ᠤ ᠪᠠᠨ ᠲᠤᠭᠠᠴᠠᠭ᠎ᠠ ᠬᠢᠭᠦ ᠴᠢᠳᠠᠪᠬᠢ ᠶᠢ | ᠨᠡᠭᠡᠭᠡᠭᠰᠡᠭᠡᠷ᠂ ᠭᠠᠷ ᠣᠳᠠᠰᠣᠨ ᠤ ᠲᠣᠰᠬᠠᠢ ᠲᠣᠭᠠᠴᠠᠭ᠎ᠠ ᠬᠢᠬᠦ ᠲᠠᠩᠰᠠᠨ ᠡᠷᠣᠬᠡ ᠨᠡᠭᠡᠭᠡᠵᠣ ᠦᠭᠬᠦᠨ᠎ᠠ᠂ ᠬᠡᠷᠡᠭᠯᠡᠭᠴᠢ | ᠡᠨᠡᠬᠦ ᠲᠣᠰᠬᠠᠢ ᠲᠠᠩᠰᠠᠨ ᠡᠷᠣᠬᠡ ᠪᠠᠷ ᠢᠶᠠᠨ ᠬᠠᠮᠢᠭ᠎ᠠ ᠠᠴᠠ ᠴᠤ ᠲᠤᠭᠠᠴᠠᠭ᠎ᠠ ᠬᠢᠵᠤ ᠪᠤᠯᠤᠨ᠎ᠠ᠃ ᠵᠢᠱᠢᠶᠡᠯᠡᠪᠡᠯ᠂ | ᠢᠨᠲ᠋ᠧᠷ ᠰᠦᠯᠵᠢᠶ᠎ᠠ ᠪᠠᠷ ᠪᠠᠷᠠᠭ᠎ᠠ ᠲᠠᠸᠠᠷ ᠬᠤᠳᠠᠯᠳᠣᠨ ᠠᠪᠬᠤ᠂ ᠭᠠᠷ ᠣᠳᠠᠰᠣᠨ ᠤ ᠰᠦᠢᠳᠭᠡᠯ ᠲᠤᠰᠢᠶᠠᠬᠤ᠂ | ᠣᠰᠣ ᠴᠠᠬᠢᠯᠭᠠᠨ ᠤ ᠰᠦᠢᠳᠭᠡᠯ ᠲᠤᠰᠢᠶᠠᠬᠤ᠂ ᠰᠢᠳᠠᠭᠠᠯᠭ᠎ᠠ ᠶᠢᠨ ᠬᠡᠢ ᠶᠢᠨ ᠰᠦᠢᠳᠭᠡᠯ ᠢᠶᠠᠨ ᠲᠣᠰᠢᠶᠠᠬᠤ ᠵᠡᠷᠭᠡ᠃ | | ᠠᠨ ᠵᠢᠶᠧ ᠪᠠᠷ ᠲᠣᠭᠠᠴᠠᠭ᠎ᠠ ᠬᠢᠭᠦ᠃ ᠡᠨᠡ ᠪᠣᠯ ᠢᠨᠲ᠋ᠧᠷ ᠰᠦᠯᠵᠢᠶᠠᠨ ᠤ ᠳ᠋ᠠᠶᠢᠲ᠋ᠠ ᠶᠢᠨ ᠮᠡᠳᠡᠭᠡ ᠵᠠᠩᠭᠢ ᠶᠢᠨ | ᠰᠣᠪᠠᠭ ᠪᠠ ᠣᠳᠠᠰᠣᠨ ᠤ ᠲᠤᠤᠷ ᠤᠨ ᠳᠠᠭᠤᠨ ᠤ ᠰᠣᠪᠠᠭ ᠤᠨ ᠢᠵᠢᠯ ᠠᠯᠬᠤᠮᠳᠣ ᠪᠣᠰᠣ ᠪᠠᠷ ᠲᠠᠮᠵᠢᠭᠤᠯᠬᠤ ᠪᠠ | ᠮᠡᠳᠡᠭᠡ ᠵᠠᠩᠬᠢ ᠶᠢ ᠲᠣᠳᠣᠯᠠᠬᠤ ᠪᠠᠷ ᠰᠠᠭᠤᠷᠢ ᠪᠣᠯᠭᠠᠬᠰᠠᠨ ᠰᠣᠷᠢᠨᠵᠢᠳᠣ ᠪᠣᠰᠣ ᠨᠢᠭᠤᠴᠠ ᠨᠣᠮᠧᠷ ᠲᠠᠢ ᠰᠢᠨ᠎ᠠ | ᠲᠤᠭᠠᠴᠠᠭ᠎ᠠ ᠬᠢᠭᠦ ᠬᠡᠯᠪᠡᠷᠢ ᠪᠣᠯᠣᠨ᠎ᠠ᠃ ᠡᠨᠡᠬᠦ ᠲᠦᠷᠦᠯ ᠵᠦᠢᠯ ᠨᠢ ᠨᠡᠩ ᠠᠮᠣᠷ ᠲᠦᠪᠰᠢᠨ ᠪᠠᠶᠢᠳᠠᠭ᠃ |