ᠨᠢᠭᠡ᠂ ᠶᠠᠭᠤ ᠶᠢ ᠪᠡᠳᠡᠬᠢ ᠶᠢᠨ ᠬᠤᠷᠤᠬᠠᠶᠢᠲᠤ ᠡᠪᠡᠳᠴᠢᠨ ᠭᠡᠳᠡᠭ ᠪᠤᠢ︖ | ᠪᠡᠳᠡᠬᠢ ᠶᠢᠨ ᠬᠤᠷᠤᠬᠠᠶᠢᠲᠤ ᠡᠪᠡᠳᠴᠢᠨ ᠪᠤᠯ ᠦᠷᠭᠡᠰᠦᠲᠦ ᠪᠦᠮᠪᠦᠭᠡᠯᠢᠭ ᠠᠪᠠᠭᠠᠯᠳᠠᠢ ᠡᠪᠡᠳᠴᠢᠨ ᠤ ᠡᠩ | ᠤᠨ ᠨᠡᠷᠡᠶᠢᠳᠦᠯ ᠪᠤᠯᠤᠨ᠎ᠠ᠃ ᠳᠠᠷᠤᠢ ᠦᠷᠭᠡᠰᠦᠲᠦ ᠳᠤᠤᠰᠠ ᠬᠤᠷᠤᠬᠠᠢ ᠶᠢᠨ ᠠᠪᠠᠭᠠᠯᠳᠠᠢ ᠨᠢ ᠬᠦᠮᠦᠨ ᠪᠤᠶᠤ | ᠠᠮᠢᠲᠠᠨ ᠤ ᠪᠡᠶ᠎ᠡ ᠳᠤᠲᠤᠷ᠎ᠠ ᠮᠦᠯᠵᠢᠨ ᠰᠤᠷᠤᠵᠦ ᠠᠮᠢᠳᠤᠷᠠᠬᠤ ᠠᠴᠠ ᠡᠭᠦᠰᠦᠭᠰᠡᠨ ᠬᠦᠮᠦᠨ ᠮᠠᠯ ᠳᠤ ᠨᠡᠶᠢᠳᠠᠮ | ᠬᠠᠯᠳᠠᠪᠤᠷᠢᠯᠠᠳᠠᠭ ᠹᠷᠢᠽᠲ ᠬᠤᠷᠤᠬᠠᠢ ᠶᠢᠨ ᠡᠪᠡᠳᠴᠢᠨ ᠮᠦᠨ᠃ ︽ᠮᠠᠨ ᠤ ᠤᠯᠤᠰ ᠤᠨ ᠠᠮᠢᠲᠠᠨ ᠤ ᠬᠢᠵᠢᠭ ᠭᠡᠮ | ᠢ ᠬᠢᠵᠠᠭᠠᠷᠯᠠᠬᠤ ᠲᠦᠰᠦᠯ︾ ᠤᠨ ᠳᠤᠲᠤᠷᠠᠬᠢ ᠡᠩ ᠲᠡᠷᠢᠭᠦᠨ ᠳᠤ ᠰᠡᠷᠭᠡᠶᠢᠯᠡᠨ ᠬᠢᠵᠠᠭᠠᠷᠯᠠᠬᠤ 16 ᠲᠦᠷᠦᠯ ᠤᠨ | ᠡᠪᠡᠳᠴᠢᠨ ᠤ ᠨᠢᠭᠡ ᠪᠤᠯᠤᠨ᠎ᠠ᠃ | ᠬᠤᠶᠠᠷ᠂ ᠪᠡᠳᠡᠬᠢ ᠶᠢᠨ ᠬᠤᠷᠤᠬᠠᠶᠢᠲᠤ ᠡᠪᠡᠳᠴᠢᠨ ᠬᠡᠷᠬᠢᠨ ᠪᠤᠢ ᠪᠤᠯᠵᠦ ᠡᠭᠦᠰᠳᠡᠭ ᠪᠤᠢ︖ | ᠨᠤᠬᠠᠢ᠂ ᠴᠢᠨ᠋ᠸ᠎ᠠ᠂ ᠦᠨᠡᠭᠡ ᠵᠡᠷᠭᠡ ᠠᠮᠢᠲᠠᠨ ᠤ ᠨᠠᠷᠢᠨ ᠭᠡᠳᠡᠰᠦᠨ ᠳᠤ ᠠᠮᠢᠳᠤᠷᠠᠵᠦ ᠪᠠᠶᠢᠳᠠᠭ ᠪᠡᠶ᠎ᠡ ᠭᠦᠢᠴᠡᠭᠰᠡᠨ | ᠦᠷᠭᠡᠰᠦᠲᠦ ᠪᠦᠮᠪᠦᠭᠡᠯᠢᠭ ᠳᠤᠤᠰᠠ ᠬᠤᠷᠤᠬᠠᠢ ᠶᠢᠨ ᠦᠨᠳᠡᠭᠡ ᠨᠢ ᠪᠠᠭᠠᠰᠤ ᠪᠠᠷ ᠲᠠᠮᠵᠢᠨ ᠪᠡᠶ᠎ᠡ ᠠᠴᠠ | ᠭᠠᠳᠠᠭᠰᠢᠯᠠᠵᠦ ᠤᠰᠤᠨ ᠰᠤᠷᠪᠤᠯᠵᠢ᠂ ᠡᠪᠡᠰᠦ ᠪᠡᠯᠴᠢᠭᠡᠷ᠂ ᠢᠳᠡᠭᠡᠨ ᠤ ᠵᠤᠶᠢᠯ ᠢ ᠪᠤᠵᠠᠷᠲᠠᠭᠤᠯᠤᠨ ᠬᠦᠮᠦᠨ ᠪᠠ | ᠪᠤᠭ ᠮᠠᠯ ᠤᠨ ᠰᠢᠩᠭᠡᠭᠡᠯᠲᠡ ᠶᠢᠨ ᠵᠠᠮ ᠳᠤ ᠬᠠᠯᠳᠠᠪᠤᠷᠢᠯᠠᠨ ᠦᠨᠳᠡᠭᠡᠨ ᠳᠤᠲᠤᠷᠠᠬᠢ ᠵᠢᠷᠭᠤᠭᠠᠨ ᠭᠤᠬᠠᠲᠦ | ᠠᠪᠠᠭᠠᠯᠲᠠᠢ ᠨᠢ ᠨᠠᠪᠴᠢᠨ ᠭᠠᠷᠴᠦ ᠢᠷᠡᠭᠡᠳ ᠭᠡᠳᠡᠰᠦᠨ ᠤ ᠬᠠᠨ᠎ᠠ ᠶᠢᠨ ᠴᠢᠰᠤᠨ ᠰᠤᠳᠠᠯ ᠳᠤ ᠰᠢᠭᠤᠳ ᠤᠴᠢᠵᠦ᠂ | ᠴᠢᠰᠤ ᠪᠠ ᠯᠢᠮᠪᠠ ᠶᠢᠨ ᠰᠢᠩᠭᠡᠨ ᠤ ᠡᠷᠭᠢᠯᠳᠡ ᠪᠠᠷ ᠪᠦᠬᠦ ᠪᠡᠶ᠎ᠡ ᠶᠢᠨ ᠡᠯ᠎ᠡ ᠡᠷᠬᠡᠳᠡᠨ ᠳᠤ ᠬᠦᠷᠳᠡᠭ᠃ ᠡᠯᠢᠭᠡ ᠪᠠ | ᠠᠭᠤᠰᠬᠢ ᠳᠤ ᠬᠠᠮᠤᠭ ᠠᠴᠠ ᠤᠯᠠᠨ ᠬᠠᠷᠠᠭᠳᠠᠳᠠᠭ᠃ ᠲᠡᠭᠡᠭᠡᠳ ᠵᠤᠬᠢᠬᠤ ᠬᠤᠭᠤᠴᠠᠭᠠᠨ ᠤ ᠳᠠᠷᠠᠭ᠎ᠠ | ᠬᠠᠯᠳᠠᠪᠤᠷᠢᠯᠠᠬᠤ ᠴᠢᠨᠠᠷᠲᠠᠢ ᠦᠷᠭᠡᠰᠦᠲᠦ ᠪᠦᠮᠪᠦᠭᠡᠨ ᠠᠪᠠᠭᠠᠯᠲᠠᠢ ᠪᠤᠯᠵᠦ ᠡᠪᠡᠳᠴᠢᠨ ᠤ ᠬᠤᠪᠢᠷᠠᠯᠲᠠ ᠡᠭᠦᠰᠭᠡᠵᠦ | ᠺᠠᠯᠢᠨᠢᠺᠡ ᠶᠢᠨ ᠰᠢᠨᠵᠢ ᠲᠡᠮᠳᠡᠭ ᠢᠯᠡᠷᠡᠭᠦᠯᠦᠨ᠎ᠡ᠃ | ᠭᠤᠷᠪᠠ᠂ ᠪᠡᠳᠡᠬᠢ ᠶᠢᠨ ᠬᠤᠷᠤᠬᠠᠶᠢᠲᠤ ᠡᠪᠡᠳᠴᠢᠨ ᠨᠢ ᠬᠦᠮᠦᠨ ᠳᠤ ᠶᠠᠮᠠᠷ ᠬᠤᠤᠷ ᠨᠦᠯᠦᠭᠡ ᠲᠠᠢ ᠪᠤᠢ︖ | | ᠮᠠᠨ ᠤ ᠤᠯᠤᠰ ᠲᠤ ᠳᠤᠰ ᠡᠪᠡᠳᠴᠢᠲᠠᠨ 40 ᠲᠦᠮᠡ ᠢᠯᠡᠭᠦᠦ ᠪᠠᠶᠢᠵᠦ᠂ ᠬᠠᠯᠳᠠᠪᠤᠷᠢᠯᠠᠭᠳᠠᠭᠰᠠᠨ ᠬᠦᠮᠦᠨ ᠤ | ᠲᠤᠭ᠎ᠠ 380 ᠲᠦᠮᠡ ᠬᠦᠷᠴᠦ᠂ ᠬᠠᠯᠳᠠᠪᠤᠷᠢᠯᠠᠭᠳᠠᠬᠤ ᠠᠶᠤᠮᠰᠢᠭᠳᠠᠢ ᠬᠦᠮᠦᠨ ᠤ ᠳᠤᠭ᠎ᠠ 6600 ᠲᠦᠮᠡᠨ | ᠬᠦᠮᠦᠨ ᠪᠠᠶᠢᠨ᠎ᠠ᠃ ᠳᠤᠰ ᠡᠪᠡᠳᠴᠢᠨ ᠨᠢ ᠬᠦᠮᠦᠨ ᠤ ᠡᠯ᠎ᠡ ᠡᠷᠭᠡᠳᠡᠨ ᠳᠤ ᠪᠦᠷ ᠡᠪᠡᠳᠴᠢᠨ ᠡᠭᠦᠰᠭᠡᠳᠡᠭ᠂ ᠬᠦᠮᠦᠨ | ᠳᠤᠰ ᠡᠪᠡᠳᠴᠢᠨ ᠢ ᠤᠯᠤᠭᠰᠠᠨ ᠤ ᠳᠠᠷᠠᠭ᠎ᠠ ᠠᠭᠠᠵᠢᠮ ᠢᠶᠠᠷ ᠡᠴᠡᠵᠦ ᠳᠤᠷᠠᠨ᠂ ᠬᠦᠨᠳᠦᠷᠡᠪᠡᠯ ᠦᠬᠦᠳᠡᠭ ᠠᠴᠠ | ᠡᠭᠦᠨ ᠢ ᠪᠠᠰᠠ ︽ᠬᠤᠷᠤᠬᠠᠢ ᠶᠢᠨ ᠦᠮᠡᠨ ᠡᠪᠡᠳᠴᠢᠨ︾ ᠭᠡᠳᠡᠭ᠃ | ᠲᠦᠷᠪᠡ᠂ ᠪᠡᠳᠡᠬᠢ ᠶᠢᠨ ᠬᠤᠷᠤᠬᠠᠶᠢᠲᠤ ᠡᠪᠡᠳᠴᠢᠨ ᠢ ᠰᠡᠷᠭᠡᠶᠢᠯᠡᠬᠦ ᠳᠤ ᠬᠤᠷᠤᠬᠠᠢ ᠲᠠᠭᠤᠬᠤ ᠪᠤᠯ ᠬᠠᠮᠤᠭ | ᠰᠠᠶᠢᠨ ᠠᠷᠭ᠎ᠠ ᠪᠤᠯᠤᠨ᠎ᠠ᠃ | ᠬᠤᠨᠢ ᠪᠤᠯ ᠲᠤᠰ ᠡᠪᠡᠳᠴᠢᠨ ᠤ ᠬᠤᠤᠷ ᠢ ᠠᠮᠰᠠᠭᠴᠢ ᠮᠦᠷᠳᠡᠭᠡᠨ ᠲᠠᠷᠬᠠᠭᠠᠭᠴᠢ ᠮᠦᠨ᠃ ᠨᠤᠬᠠᠢ ᠪᠤᠯ | ᠳᠤᠰ ᠡᠪᠡᠳᠴᠢᠨ ᠤ ᠡᠴᠦᠰ ᠤᠨ ᠡᠵᠡᠨ ᠮᠦᠨ᠃ ᠡᠶᠢᠮᠦ ᠠᠴᠠ ᠨᠤᠬᠠᠢ ᠬᠤᠨᠢᠨ ᠤ ᠬᠤᠷᠤᠬᠠᠢ ᠶᠢ ᠰᠠᠶᠢᠳᠤᠷ | ᠲᠠᠭᠤᠬᠤ ᠪᠤᠯ ᠡᠪᠡᠳᠴᠢᠨ ᠤ ᠲᠠᠮᠵᠢᠨ ᠬᠠᠯᠳᠠᠪᠤᠷᠢᠯᠠᠬᠤ ᠶᠢ ᠬᠤᠷᠢᠭᠯᠠᠵᠦ ᠣᠰᠠᠳᠬᠠᠬᠤ ᠬᠠᠮᠤᠭ ᠪᠦᠳᠦᠮᠵᠢᠲᠠᠢ | ᠠᠷᠭ᠎ᠠ ᠮᠦᠨ᠃ | ᠠᠩᠬᠠᠷᠬᠤ ᠨᠢ ᠨᠤᠬᠠᠢ᠂ ᠬᠤᠨᠢᠨ ᠤ ᠬᠤᠷᠤᠬᠠᠢ ᠶᠢ ᠳᠠᠭᠤᠭᠰᠠᠨ ᠤ ᠳᠠᠷᠠᠭᠠᠬᠢ 3 —5 ᠬᠤᠨᠤᠭ ᠲᠠᠢ | ᠪᠠᠭᠠᠰᠦ ᠶᠢᠨ ᠬᠤᠤᠷ ᠢ ᠠᠷᠢᠯᠭᠠᠨ ᠰᠢᠢᠳᠪᠦᠷᠢᠯᠡᠬᠦ ᠬᠡᠷᠡᠭᠳᠡᠢ᠃ |