ᠲᠤᠲᠠᠭᠤ ᠠᠽᠤᠲ ᠬᠦᠴᠢᠯ ᠲᠠᠪᠤᠰᠤᠨ ᠳᠤ ᠬᠤᠤᠷᠳᠠᠭᠳᠠᠬᠤ ᠶᠢ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2017/6/28
    ᠡᠪᠡᠳᠴᠢᠨ ᠤ ᠰᠢᠯᠳᠠᠭᠠᠨ᠄ ᠸᠠᠯᠠᠵᠦ ᠢᠯᠵᠡᠷᠡᠭᠰᠡᠨ ᠲᠡᠵᠢᠭᠡᠯ ᠪᠤᠷᠳᠤᠭ᠎ᠠ ᠪᠤᠶᠤ ᠪᠤᠯᠪᠠᠰᠤᠷᠠᠭᠤᠯᠵᠦ ᠦᠢᠯᠡᠳᠦᠭᠰᠡᠨ ᠨᠢ ᠪᠠᠷᠢᠮᠵᠢᠶ᠎ᠡ ᠳᠤ ᠨᠡᠶᠢᠴᠡᠬᠦ ᠦᠭᠡᠢ ᠬᠦᠬᠡ ᠪᠤᠷᠳᠤᠭ᠎ᠠ ᠶᠢ ᠶᠡᠭᠡ ᠬᠡᠮᠵᠢᠶ᠎ᠡ ᠪᠠᠷ ᠦᠭᠴᠦ ᠲᠡᠵᠢᠭᠡᠪᠡᠯ ᠲᠠᠷᠤᠢ ᠲᠤᠲᠠᠭᠤ ᠠᠽᠤᠲ ᠬᠦᠴᠢᠯ ᠲᠠᠪᠤᠰᠤᠨ ᠳᠤ ᠬᠤᠤᠷᠳᠠᠭᠳᠠᠳᠠᠭ᠃         ᠰᠢᠨᠵᠢ ᠲᠡᠮᠳᠡᠭ᠄ ᠡᠪᠡᠳᠴᠢᠯᠡᠬᠦ ᠨᠢ ᠲᠦᠷᠭᠡᠨ᠂ ᠪᠦᠬᠦ ᠪᠡᠶ᠎ᠡ ᠨᠢ ᠲᠠᠲᠠᠪᠠᠯᠵᠠᠬᠤ᠂ ᠲᠦᠷᠪᠡᠨ ᠮᠦᠴᠢ ᠨᠢ  ᠬᠦᠴᠦ ᠲᠠᠮᠢᠷ ᠦᠭᠡᠢ ᠪᠤᠯᠬᠤ᠂ ᠠᠮᠠ ᠠᠴᠠ ᠨᠢ ᠴᠠᠭᠠᠨ ᠬᠦᠭᠡᠰᠦ ᠭᠠᠷᠬᠤ᠂ ᠬᠡᠪᠡᠯᠢ ᠬᠦᠭᠡᠭᠡᠬᠦ᠂ ᠠᠮᠢᠰᠬᠤᠯ ᠴᠢᠬᠤᠯᠳᠠᠬᠤ᠂ ᠪᠤᠰᠴᠦ ᠵᠤᠭᠰᠤᠬᠤ ᠳᠤ ᠬᠦᠴᠢᠷᠳᠡᠬᠦ᠂ ᠨᠢᠳᠤᠨ ᠤ ᠰᠠᠯᠢᠰᠦᠲᠦ ᠪᠦᠷᠭᠦᠪᠴᠢ ᠨᠢ ᠬᠠᠷᠠᠯᠠᠵᠦ ᠪᠤᠷᠤᠯᠠᠬᠤ᠂ ᠰᠤᠳᠠᠯ ᠤᠨ ᠯᠤᠭᠰᠢᠯᠲᠠ ᠲᠦᠷᠭᠡᠰᠬᠦ᠂ ᠬᠡᠤᠬᠡᠨ ᠬᠠᠷᠠᠭ᠎ᠠ ᠲᠤᠮᠤᠷᠠᠵᠦ᠂ ᠰᠢᠭᠡᠰᠦ ᠤᠯᠠᠰᠢᠷᠠᠬᠤ ᠵᠡᠷᠭᠡ  ᠢᠯᠡᠷᠡᠯ ᠲᠠᠢ᠃          ᠰᠡᠷᠭᠡᠶᠢᠯᠡᠨ ᠵᠠᠰᠠᠬᠤ᠄ ᠬᠦᠬᠡ ᠨᠤᠭᠤᠭᠠᠨ ᠲᠡᠵᠢᠭᠡᠯ ᠪᠤᠷᠳᠤᠭ᠎ᠠ ᠶᠢ ᠬᠡᠳᠦᠷᠬᠡᠢ ᠤᠷᠲᠦ ᠬᠤᠭᠤᠴᠠᠭ᠎ᠠ ᠤᠪᠤᠭᠠᠯᠠᠨ ᠲᠠᠯᠪᠢᠵᠦ ᠪᠤᠯᠬᠤ ᠦᠭᠡᠢ᠂ ᠬᠠᠷᠠᠯᠠᠵᠦ ᠸᠠᠯᠠᠭᠰᠠᠨ ᠪᠤᠶᠤ ᠴᠢᠨᠠᠷ ᠬᠤᠪᠢᠷᠠᠭᠰᠠᠨ ᠲᠡᠵᠢᠭᠡᠯ  ᠪᠤᠷᠳᠤᠭ᠎ᠠ ᠪᠠᠷ ᠲᠡᠵᠢᠭᠡᠵᠦ ᠪᠤᠯᠬᠤ ᠦᠭᠡᠢ᠃ ᠡᠪᠡᠳᠴᠢᠯᠡᠭᠰᠡᠨ ᠮᠠᠯ ᠢ 1 % —2%᠎ ᠤᠨ ᠮᠧᠲ᠋ᠢᠯ ᠬᠦᠬᠡ ︵亚甲蓝︶ ᠎ ᠶᠢᠨ ᠠᠭᠤᠰᠤᠮᠠᠯ ᠢ ᠺᠢᠯᠤᠭ᠍ᠷᠡᠮ ᠪᠦᠷᠢ ᠪᠡᠶ᠎ᠡ ᠶᠢᠨ ᠬᠦᠨᠳᠦ ᠳᠤ 1mi1 ᠬᠡᠮᠵᠢᠶ᠎ᠡ ᠪᠠᠷ ᠨᠠᠮᠵᠢᠭᠤᠨ ᠰᠤᠳᠠᠯ ᠳᠤ ᠨᠢ ᠲᠦᠷᠭᠡᠨ ᠶᠡᠭᠦᠯᠡᠨ᠎ᠡ᠃ ᠡᠰᠡᠭᠦᠯ᠎ᠡ ᠮᠧᠲ᠋ᠢᠯ ᠪᠧᠨᠽᠢᠨᠢᠲᠦ ᠠᠮᠢᠨ ᠤ ᠬᠦᠬᠡ ︵甲苯胺蓝︶ ᠠᠭᠤᠰᠤᠮᠠᠯ ᠢ  ᠺᠢᠯᠤᠭ᠍ᠷᠡᠮ ᠪᠦᠷᠢ ᠪᠡᠶ᠎ᠡ ᠶᠢᠨ ᠬᠦᠨᠳᠦ ᠳᠤ 0.5mi1᠎ ᠤᠨ ᠬᠡᠮᠵᠢᠶ᠎ᠡ ᠪᠠᠷ ᠨᠠᠮᠵᠢᠭᠤᠨ ᠰᠤᠳᠠᠯ ᠳᠤ ᠲᠠᠷᠢᠵᠦ ᠦᠭᠬᠦᠨ᠎ᠡ᠃ ᠲᠡᠭᠡᠷ᠎ᠡ ᠲᠤᠷᠠᠳᠤᠭᠰᠠᠨ ᠲᠠᠷᠢᠯᠭ᠎ᠠ ᠶᠢᠨ ᠡᠮ ᠦᠭᠡᠢ ᠪᠤᠯ 25%᠎ ᠶᠢᠨ ᠤᠵᠤᠮ ᠤᠨ  ᠰᠢᠬᠢᠷ500mi1᠂ 5%᠎ ᠶᠢᠨ ᠸᠢᠲ᠋ᠠᠮᠢᠨ C᠎ ᠶᠢᠨ ᠲᠠᠷᠢᠯᠭ᠎ᠠ ᠶᠢᠨ ᠰᠢᠩᠭᠡᠨ ᠢ 40 — 100cc᠎ ᠤᠨ ᠬᠡᠮᠵᠢᠶ᠎ᠡ  ᠎ ᠪᠠᠷ ᠨᠠᠮᠵᠢᠭᠤᠨ ᠰᠤᠳᠠᠯ ᠳᠤ ᠲᠠᠷᠢᠵᠦ ᠦᠭᠬᠦᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号