ᠰᠢᠨᠵᠢᠯᠡᠬᠦ ᠤᠬᠠᠭᠠᠨᠴᠢ ᠪᠠᠷ ᠲᠡᠵᠢᠭᠡᠯ ᠡᠪᠡᠰᠦ ᠲᠠᠷᠢᠬᠤ ᠬᠢᠭᠡᠳ ᠠᠰᠢᠭᠯᠬᠤ ᠲᠤᠬᠠᠢ ᠶᠡᠷᠦ ᠶᠢᠨ ᠮᠡᠳᠡᠯᠭᠡ
ᠨᠡᠶᠢᠲᠡᠯᠡᠭᠰᠡᠨ ᠴᠠᠭ᠄
2017/6/28
    ᠲᠡᠵᠢᠭᠡᠯ ᠡᠪᠠᠰᠤ ᠲᠠᠷᠢᠵᠤ ᠮᠠᠯ ᠲᠠᠵᠢᠭᠡᠬᠦ ᠨᠢ ᠬᠥᠳᠡᠭᠡ ᠶᠢᠨ ᠮᠠᠯᠴᠢᠨ ᠲᠥᠮᠠᠨ ᠤ ᠶᠠᠳᠠᠭᠤ ᠠᠴᠠ ᠠᠩᠭᠢᠵᠢᠷᠠᠨ ᠂ ᠪᠠᠶᠠᠵᠢᠯ ᠤᠨ ᠵᠠᠮ ᠢᠶᠠᠷ ᠵᠠᠮᠨᠠᠬᠤ ᠤᠳᠤᠬᠠᠨ ᠤ ᠪᠠᠰᠨ ᠨᠢᠭᠡᠨ ᠪᠥᠳᠤᠮᠵᠢᠳᠠᠢ ᠠᠷᠭ᠎ᠠ ᠪᠤᠯᠬᠤ ᠶᠤᠮ᠃ ᠲᠤᠤᠷ᠎ᠠ ᠰᠢᠨᠵᠢᠯᠠᠬᠦ ᠤᠬᠠᠭᠠᠨᠴᠢ ᠪᠠᠷ ᠲᠠᠵᠢᠭᠡᠯ ᠡᠪᠠᠰᠤ ᠲᠠᠷᠢᠬᠤ ᠭᠢᠭᠡᠳ ᠠᠰᠢᠭᠯᠠᠬᠤ ᠲᠤᠬᠠᠢ ᠭᠡᠳᠤᠨ ᠲᠠᠯ᠎ᠠ ᠶᠢᠨ ᠰᠠᠨᠠᠭᠤᠯᠭ᠎ᠠ ᠲᠤᠷᠠᠳᠤᠶ᠎ᠠ᠃             ᠨᠢᠭᠡ᠂ ᠲᠠᠵᠢᠭᠡᠯ ᠡᠪᠠᠰᠤᠨ ᠤ ᠲᠥᠷᠤᠯ ᠵᠥᠢᠯ ᠢ ᠰᠤᠩᠭᠤᠬᠤ         ᠲᠠᠵᠢᠭᠡᠯ ᠡᠪᠠᠰᠤᠨ ᠤ ᠲᠥᠷᠤᠯ ᠵᠥᠢᠯ ᠢ ᠰᠤᠩᠭᠤᠬᠤ  ᠎ ᠳᠠᠭᠠᠨ ᠪᠤᠷᠤ ᠴᠠᠷᠭᠠᠰᠤ᠂ ᠮᠤᠷᠢᠨ ᠬᠤᠨᠴᠢᠷ᠂  ᠠᠩᠭ᠍ᠯᠢ ᠶᠢᠨ ᠤᠯᠠᠭᠠᠨ ᠡᠷᠳᠠᠨᠢ ᠰᠢᠰᠢ᠂ ᠤᠰᠤᠨ ᠬᠤᠨᠤᠭ᠂ ᠰᠤᠪᠦᠳᠯᠢᠭ ᠨᠠᠷᠢᠮᠤ᠂ ᠰᠥᠳᠠᠨ ᠡᠪᠠᠰᠤ᠂ ᠪᠠᠯᠳᠤ  ᠰᠢᠰᠢ᠂ ᠰᠤᠷ ᠥᠭᠡᠢ ᠰᠤᠭᠤᠪᠤᠷ᠂ ᠰᠢᠷ᠎ᠠ ᠭᠢᠶᠠᠭ᠂ ᠶᠥᠷᠬᠦᠭ᠂ ᠤᠯᠠᠭᠠᠨ ᠬᠤᠰᠢᠶᠠᠩᠭᠤᠷ᠂ ᠤᠯᠠᠭᠠᠨ ᠪᠤᠷᠴᠠᠭᠳᠤ  ᠡᠪᠠᠰᠤ ᠵᠠᠷᠭᠡ ᠎ ᠶᠢ ᠰᠤᠩᠭᠤᠨ᠎ᠠ᠃                 ᠬᠤᠶᠠᠷ᠂ ᠲᠠᠵᠢᠭᠡᠯ ᠡᠪᠠᠰᠤ ᠲᠠᠷᠢᠬᠤ ᠨᠦᠬᠦᠴᠡᠯ          ᠲᠠᠵᠢᠭᠡᠯ ᠡᠪᠠᠰᠤ ᠲᠠᠷᠢᠬᠤ ᠳᠤ ᠮᠠᠯ ᠲᠠᠵᠢᠭᠡᠪᠤᠷᠢ᠂ ᠬᠥᠷᠤᠰᠤ ᠰᠢᠷᠤᠢ᠂ ᠠᠭᠤᠷ ᠠᠮᠢᠰᠬᠤᠯ ᠵᠠᠷᠭᠡ ᠭᠤᠷᠪᠠᠨ  ᠲᠠᠯ᠎ᠠ ᠎ ᠶᠢ ᠪᠤᠳᠤᠯᠭᠢᠯᠠᠬᠤ ᠭᠡᠷᠡᠭᠳᠠᠢ᠃            1. ᠮᠠᠯ ᠲᠡᠵᠢᠭᠡᠪᠦᠷᠢ ᠳᠤ ᠥᠭᠡᠷ ᠬᠤᠨᠢ ᠪᠤᠯ ᠡᠪᠠᠰᠤᠨ ᠲᠠᠵᠢᠭᠡᠯᠳᠠᠨ᠂ ᠪᠥᠳᠤᠬᠦᠯᠢᠭ ᠢᠳᠠᠰᠢᠳᠠᠨ ᠪᠤᠯᠬᠤᠷ  ᠪᠥᠳᠤᠬᠦᠯᠢᠭ ᠰᠢᠷᠭᠡᠭᠯᠢᠭ ᠢ ᠠᠰᠢᠭᠯᠠᠬᠤ ᠨᠤᠷᠮ᠎ᠠ ᠨᠢ ᠥᠨᠳᠤᠷ ᠪᠠᠶᠢᠳᠠᠭ᠃ ᠵᠢᠱᠢᠶᠠᠯᠠᠪᠠᠯ᠂ ᠪᠤᠷᠤ ᠴᠠᠷᠭᠠᠰᠤ ᠶᠢᠨ ᠤᠭᠤᠷᠠᠭ ᠤᠨ ᠠᠬᠤᠭᠤᠯᠤᠭᠳᠠᠴᠨ ᠥᠨᠳᠤᠷ ᠪᠠᠶᠢᠵᠤ 21.7%᠎ ᠳᠤ ᠬᠥᠷᠳᠡᠭ᠃ ᠭᠡᠷᠪᠠ ᠪᠤᠷᠤ ᠴᠠᠷᠭᠠᠰᠤ ᠪᠠᠷ  ᠨᠠᠷᠢᠯᠢᠭ ᠪᠤᠷᠳᠤᠭ᠎ᠠ ᠪᠤᠯᠭᠠᠨ ᠥᠭᠡᠷ ᠬᠤᠨᠢ ᠲᠠᠵᠢᠭᠡᠪᠠᠯ ᠥᠭᠡᠷ ᠬᠤᠨᠢᠨ ᠤ ᠮᠢᠬᠠᠨ ᠤ ᠭᠠᠷᠤᠯᠳᠠ ᠨᠢ ᠨᠠᠮᠡᠭᠳᠠᠵᠤ᠂ ᠪᠤᠷᠳᠤᠬᠤ ᠬᠤᠭᠤᠴᠠᠭ᠎ᠠ ᠶᠢ ᠪᠠᠭᠠᠰᠬᠠᠳᠠᠭ᠃ ᠪᠠᠶᠢᠴᠠᠭᠠᠯᠳᠠ ᠶᠢ ᠥᠨᠳᠤᠰᠤᠯᠠᠪᠠᠯ᠂ ᠬᠠᠨᠶᠠᠩ ᠬᠤᠨᠢ ᠲᠠᠵᠢᠭᠡᠬᠦ ᠶᠠᠪᠤᠴᠨ ᠲᠤᠮᠳᠠ ᠭᠡᠷᠪᠠ ᠬᠥᠢᠴᠠᠳ ᠭᠡᠮᠵᠢᠶᠠᠨ ᠤ ᠴᠠᠷᠭᠠᠰᠤ ᠪᠠᠷ ᠲᠠᠵᠢᠭᠡᠪᠠᠯ ︵ᠪᠤᠷᠳᠤᠭᠠᠨ ᠤ ᠬᠠᠭᠠᠰ︶  ᠠᠷᠠᠴᠢᠯᠠᠭ᠎ᠠ ᠶᠢᠨ ᠥᠶᠠᠯᠠᠯ ᠨᠢ 1~2 ᠰᠠᠷ᠎ᠠ ᠪᠤᠭᠤᠨᠢᠰᠴᠤ᠂ ᠥᠰᠤᠯᠳᠠ ᠪᠤᠶᠢᠵᠢᠯᠳᠠ ᠶᠢᠨ ᠬᠤᠷᠳᠤᠴᠨ ᠨᠢ 20%᠎ ᠪᠠᠷ ᠲᠠᠭᠡᠭᠰᠢᠯᠡᠳᠡᠭ᠃ ᠭᠡᠷᠪᠠ ᠥᠨᠢᠶ᠎ᠠ ᠲᠠᠵᠢᠭᠡᠬᠦ ᠳᠤ ᠶᠡᠭᠡ ᠭᠡᠮᠵᠢᠶᠠᠨ ᠤ ᠴᠠᠷᠭᠠᠰᠤ ᠭᠡᠷᠡᠭᠯᠠᠪᠠᠯ᠂ ᠰᠥᠨ ᠤ ᠭᠠᠷᠣᠴᠠ ᠨᠢ 15% ~20%᠎ ᠪᠠᠷ ᠨᠠᠮᠡᠭᠳᠠᠬᠦ ᠪᠥᠭᠡᠳ ᠰᠥᠨ ᠤ ᠴᠢᠨᠠᠷ ᠨᠢ ᠴᠤ ᠶᠠᠭᠡᠭᠡᠨ ᠲᠠᠭᠡᠭᠰᠢᠯᠠᠳᠡᠭ᠃ ᠭᠠᠭ᠋ᠠᠢ᠂ ᠲᠠᠭᠢᠶ᠎ᠠ᠂ ᠭᠠᠯᠠᠭᠤ ᠨᠤᠭᠤᠰᠤ᠂ ᠲᠠᠤᠯᠠᠢ ᠲᠠᠵᠢᠭᠡᠬᠦ ᠳᠤ ᠬᠥᠭᠡ ᠨᠤᠭᠤᠭᠠᠨ ᠨᠠᠪᠴᠢᠯᠢᠭ ᠨᠤᠭᠤᠭᠠᠨ ᠤ  ᠵᠥᠢᠯ ᠲᠠᠷᠢᠨ᠎ᠠ᠃ ᠵᠢᠱᠢᠶᠠᠯᠠᠪᠠᠯ᠂ ᠥᠭᠡᠷ ᠢᠨᠳᠠᠷ᠎ᠠ᠂ ᠴᠤᠭᠯᠠᠷᠠᠯ ᠡᠪᠠᠰᠤ᠃             2.ᠠᠭᠤᠷ ᠠᠮᠢᠰᠬᠤᠯ ᠤᠨ ᠨᠥᠬᠦᠴᠠᠯ᠄ ᠲᠠᠷᠢᠬᠤ ᠪᠠᠯᠴᠢᠭᠡᠷ ᠡᠪᠠᠰᠤᠨ ᠤ ᠲᠥᠷᠤᠯ ᠢ ᠰᠤᠩᠭᠤᠬᠤ ᠳᠤ  ᠤᠮᠠᠷᠠᠳᠤ ᠤᠷᠤᠨ ᠳᠤ ᠬᠥᠢᠳᠠᠨ ᠳᠤ ᠲᠠᠭᠠᠭᠠᠴᠢᠳᠠᠢ᠂ ᠭᠠᠩ ᠳᠤ ᠲᠠᠭᠠᠭᠠᠴᠢᠳᠠᠢ᠂ ᠥᠰᠤᠯᠳᠠ ᠶᠢᠨ ᠬᠤᠭᠤᠴᠠᠭ᠎ᠠ  ᠎ ᠨᠢ ᠤᠬᠤᠷ ᠲᠠᠷᠢᠮᠠᠯ ᠢ ᠲᠠᠷᠢᠨ᠎ᠠ᠃             3.ᠬᠥᠷᠤᠰᠤ ᠰᠢᠷᠤᠢ ᠶᠢᠨ ᠨᠥᠬᠦᠴᠠᠯ᠄ ᠠᠳᠠᠯᠢ ᠪᠤᠰᠤ ᠲᠥᠷᠤᠯ ᠤᠨ ᠡᠪᠠᠰᠤ ᠬᠥᠷᠤᠰᠤ ᠰᠢᠷᠤᠢ᠂ ᠲᠤᠯᠠᠭᠠᠨ ᠤ ᠭᠡᠮᠵᠢᠶ᠎ᠠ ᠳᠤ ᠠᠳᠠᠯᠢ ᠪᠤᠰᠤ ᠱᠠᠭᠠᠷᠳᠠᠯᠭ᠎ᠠ ᠲᠠᠢ ᠪᠠᠶᠢᠳᠠᠭ᠃ ᠰᠤᠩᠭᠤᠯᠳᠠ ᠭᠢᠭᠰᠡᠨ ᠨᠢ ᠲᠤᠭᠢᠷᠠᠮᠵᠢᠳᠠᠢ ᠂ ᠬᠠᠮᠢᠶᠠᠷᠤᠯᠳᠠ ᠨᠢ ᠵᠤᠭᠢᠰᠳᠠᠢ ᠪᠤᠯ ᠨᠠᠯᠢᠶᠠᠳ ᠰᠠᠶᠢᠨ ᠤᠨᠠᠯᠳᠠ ᠲᠠᠢ ᠪᠠᠶᠢᠳᠠᠭ᠃ ᠲᠠᠵᠢᠭᠡᠯ ᠡᠪᠠᠰᠤ ᠲᠠᠷᠢᠬᠤ ᠎ ᠳᠠᠭᠠᠨ ᠭᠢᠵᠠᠭᠠᠷ ᠲᠠᠢ ᠬᠥᠷᠤᠰᠤ ᠰᠢᠷᠤᠢ ᠶᠢᠨ ᠡᠭᠢ ᠪᠠᠶᠠᠯᠢᠭ ᠢ ᠵᠤᠭᠢᠰᠳᠠᠢ ᠠᠰᠢᠭᠯᠠᠨ ᠨᠠᠩ ᠥᠨᠳᠤᠷ ᠤᠨᠠᠯᠳᠠ ᠶᠢ  ᠤᠯᠬᠤ ᠶᠢᠨ ᠲᠥᠯᠤᠭᠡ ᠡᠷᠭᠡᠪᠰᠢ ᠰᠢᠨᠵᠢᠯᠠᠬᠦ ᠤᠬᠠᠭᠠᠨᠴᠢ ᠪᠠᠷ ᠥᠷᠠᠯᠠᠵᠤ ᠲᠠᠷᠢᠬᠤ ᠭᠡᠷᠡᠭᠳᠠᠢ᠃ ᠲᠠᠷᠢᠮᠠᠯ ᠤᠨ ᠥᠷ᠎ᠠ ᠮᠥᠬᠦᠯᠢᠭ ᠨᠢ ᠪᠠᠭ᠎ᠠ ᠪᠥᠭᠡᠳ ᠬᠥᠡᠭᠭᠡᠨ ᠪᠤᠯ ᠬᠥᠮᠤᠨ ᠤ ᠬᠥᠴᠤ ᠪᠠᠷ ᠰᠢᠢᠳᠪᠤᠷᠢᠯᠡᠭᠰᠠᠨ ᠤ ᠰᠠᠬᠦᠯᠠᠷ ᠰᠠᠶ᠋ᠢ ᠲᠠᠷᠢᠵᠤ ᠪᠤᠯᠤᠨ᠎ᠠ᠃ ᠰᠤᠶᠤᠭᠠᠯᠠᠬᠤ ᠳᠠᠭᠠᠨ ᠰᠢᠷᠤᠢ ᠶᠢ ᠨᠠᠪᠳᠠᠯᠠᠬᠦ ᠴᠢᠳᠠᠯ ᠨᠢ ᠲᠤᠷᠤᠢ ᠲᠤᠯᠨ ᠶᠠᠷᠤᠳᠠᠭᠡᠨ ᠰᠢᠷᠤᠢ  ᠎ ᠶᠢ 1~2 ᠰᠠᠨᠲ᠋ᠢᠮᠧᠲᠷ ᠬᠤᠴᠢᠨ᠎ᠠ᠃ ᠭᠡᠷᠪᠠ ᠲᠠᠩᠳᠠᠬᠦᠤ ᠵᠤᠵᠠᠭᠠᠨ ᠰᠢᠷᠤᠢ ᠬᠤᠴᠢᠪᠠᠯ ᠭᠠᠩ ᠲᠠᠢ ᠵᠢᠯ ᠪᠤᠯ  ᠰᠤᠶᠤᠭᠠᠯᠠᠬᠤ ᠨᠤᠷᠮ᠎ᠠ ᠶᠢ ᠪᠠᠳᠤᠯᠠᠵᠤ ᠴᠢᠳᠠᠬᠤ ᠥᠭᠡᠢ᠃ ᠲᠠᠷᠢᠬᠤ ᠠᠴᠠ ᠡᠮᠤᠨ᠎ᠠ ᠭᠠᠵᠠᠷ ᠢᠶᠠᠨ ᠲᠡᠭᠰᠢᠯᠠᠨ ᠪᠤᠷᠳᠤᠭᠤᠷ ᠤᠷᠤᠭᠤᠯᠤᠨ᠎ᠠ᠃ ᠭᠡᠷᠪᠠ ᠤᠯᠠᠨ ᠨᠠᠰᠤᠳᠤ ᠲᠠᠷᠢᠮᠠᠯ ᠪᠤᠯ ᠠᠩᠬᠠᠨ ᠤ ᠵᠢᠯ ᠤᠨ ᠰᠤᠶᠤᠭᠠᠯᠠᠬᠤ ᠨᠢ  ᠬᠠᠮᠤᠭ ᠤᠨ ᠴᠢᠬᠤᠯᠨ ᠪᠠᠶᠢᠳᠠᠭ᠃ ᠭᠡᠷᠪᠠ ᠠᠩᠬᠠᠨ ᠤ ᠵᠢᠯ ᠳᠡᠭᠡᠨ ᠪᠥᠷ ᠰᠠᠶᠢᠬᠠᠨ ᠰᠤᠶᠤᠭᠠᠯᠠᠭᠰᠠᠨ ᠪᠠᠶᠢᠪᠠᠯ  ᠰᠠᠬᠦᠯᠴᠢ ᠶᠢᠨ ᠭᠡᠳᠤᠨ ᠵᠢᠯ ᠳᠡᠭᠡᠨ ᠬᠥᠮᠤᠨ ᠤ ᠬᠥᠴᠤ᠂ ᠪᠤᠳᠠᠰ ᠤᠨ ᠬᠥᠴᠤ ᠶᠢ ᠶᠠᠭᠡᠭᠡᠨ ᠠᠷᠪᠢᠯᠠᠬᠤ   ᠪᠤᠯᠤᠨ᠎ᠠ᠃                   ᠭᠤᠷᠪᠠ᠂ ᠪᠤᠯᠪᠠᠰᠤᠷᠠᠭᠤᠯᠤᠨ ᠠᠰᠢᠭᠯᠠᠬᠤ        ᠪᠤᠯᠪᠠᠰᠤᠷᠠᠭᠤᠯᠬᠤ᠄ ᠵᠤᠨ ᠤ ᠤᠯᠠᠷᠢᠯ ᠪᠤᠯ ᠡᠪᠠᠰᠤ ᠤᠷᠭᠤᠮᠠᠯ ᠤᠨ ᠬᠤᠭᠤᠴᠠᠭ᠎ᠠ ᠪᠤᠯᠬᠤᠷ ᠮᠠᠯ ᠲᠠᠵᠢᠭᠡᠪᠤᠷᠢ ᠲᠠᠵᠢᠭᠡᠬᠦ ᠳᠡᠭᠡᠨ ᠡᠪᠠᠰᠤ ᠪᠠᠨ ᠬᠠᠳᠤᠵᠤ ᠠᠪᠤᠭᠰᠠᠨ ᠤ ᠰᠠᠬᠦᠯᠠᠷ ᠲᠥᠬᠦᠮᠭᠡᠨ ᠪᠤᠯᠪᠠᠰᠤᠷᠠᠭᠤᠯᠪᠠᠯ  ᠠᠰᠢᠭᠯᠠᠵᠤ ᠪᠤᠯᠳᠠᠭ᠂ ᠳᠠᠷᠤᠢ ᠬᠠᠳᠤᠵᠤ ᠬᠤᠷᠢᠶᠠᠨ᠎ᠠ᠃              ᠨᠤᠭᠤᠭᠠᠨ ᠢᠶᠠᠷ ᠲᠠᠷᠤᠰᠢᠭᠤᠯᠬᠤ ᠨᠢ ᠮᠠᠯ ᠳᠤ ᠡᠪᠤᠯ ᠬᠠᠪᠤᠷ ᠴᠢᠨᠠᠷ ᠰᠠᠶᠢᠳᠠᠢ ᠡᠪᠤᠯ ᠤᠨ ᠤᠯᠠᠷᠢᠯ ᠠᠴᠠ ᠲᠠᠷᠠᠭ᠎ᠠ ᠵᠢᠯ ᠤᠨ ᠬᠠᠪᠤᠷ ᠪᠤᠯᠳᠠᠯᠠᠭᠢ ᠬᠤᠭᠤᠴᠠᠭᠠᠨ ᠳᠤ ᠮᠠᠯ ᠳᠤ ᠴᠢᠨᠠᠷ ᠰᠠᠶᠢᠳᠠᠢ ᠡᠪᠠᠰᠤ ᠪᠤᠷᠳᠤᠭ᠎ᠠ ᠢᠳᠠᠬᠦᠯᠬᠦ  ᠎ ᠶᠢᠨ ᠲᠥᠯᠤᠭᠡ ᠲᠠᠷᠢᠬᠤ ᠲᠠᠷᠢᠮᠠᠯ ᠤᠨ ᠢᠶᠠᠨ ᠥᠰᠤᠯᠳᠠ ᠶᠢᠨ ᠤᠨᠴᠠᠯᠢᠭ ᠢ ᠲᠤᠳᠤᠷᠬᠠᠢ ᠮᠠᠳᠠᠵᠤ᠂ ᠲᠤᠭᠳᠠᠭᠰᠠᠨ  ᠴᠠᠭ ᠲᠤᠨᠢ ᠪᠤᠷᠳᠤᠭ᠎ᠠ ᠢᠳᠠᠬᠦᠯᠬᠦ ᠪᠥᠳᠤᠮᠵᠢᠳᠠᠢ ᠠᠷᠭ᠎ᠠ ᠮᠥᠨ᠃ ᠨᠤᠭᠤᠭᠠᠨ ᠢᠶᠠᠷ ᠲᠠᠷᠤᠰᠢᠭᠤᠯᠬᠤ ᠳᠤ  ᠬᠠᠮᠤᠭ ᠤᠨ ᠰᠠᠶᠢᠨ‌ᠨᠢ ᠪᠤᠷᠴᠠᠭᠳᠤ ᠤᠷᠭᠤᠮᠠᠯ ᠤᠨ ᠢᠵᠠᠭᠤᠷ ᠤᠨ ᠡᠪᠠᠰᠤ ᠪᠠ ᠥᠶᠠᠳᠤ ᠤᠷᠭᠤᠮᠠᠯ ᠤᠨ ᠢᠵᠠᠭᠤᠷ ᠤᠨ ᠡᠪᠠᠰᠤ ᠶᠢ ᠬᠤᠯᠢᠵᠤ ᠲᠠᠷᠤᠰᠢᠭᠤᠯᠤᠨ᠎ᠠ᠃ ᠪᠤᠷᠴᠠᠭᠳᠤ ᠤᠷᠭᠤᠮᠠᠯ ᠤᠨ ᠢᠵᠠᠭᠤᠷ ᠤᠨ ᠡᠪᠠᠰᠤᠨ ᠳᠤ  ᠤᠭᠤᠷᠠᠭ ᠠᠷᠪᠢᠨ ᠠᠭᠤᠯᠤᠭᠳᠠᠬᠤ ᠪᠤᠯᠬᠤᠷ ᠥᠶᠠᠳᠤ ᠤᠷᠭᠤᠮᠠᠯ ᠤᠨ ᠢᠵᠠᠭᠤᠷ ᠤᠨ ᠡᠪᠠᠰᠤ ᠲᠠᠢ ᠬᠤᠯᠢᠵᠤ  ᠲᠠᠷᠤᠰᠢᠭᠤᠯᠪᠠᠯ ᠮᠠᠯ ᠲᠠᠵᠢᠭᠡᠪᠤᠷᠢ ᠶᠢᠨ ᠰᠢᠮ᠎ᠠ ᠲᠠᠵᠢᠭᠡᠯ ᠤᠨ ᠪᠥᠷᠢᠨ ᠪᠥᠳᠤᠨ ᠪᠠᠶᠢᠬᠤ ᠶᠢ ᠪᠠᠳᠤᠯᠠᠵᠤ ᠴᠢᠳᠠᠳᠠᠭ᠃ ᠮᠥᠨ ᠢᠳᠠᠬᠦ ᠲᠤᠷᠠᠰᠢᠯ ᠢ ᠨᠢ ᠲᠠᠭᠡᠭᠰᠢᠯᠠᠬᠦᠯᠤᠨ᠎ᠠ᠃ ᠠᠰᠢᠭᠯᠠᠬᠤ᠄ ᠲᠠᠵᠢᠭᠡᠯ ᠡᠪᠠᠰᠤ ᠲᠠᠷᠢᠬᠤ᠂ ᠪᠤᠯᠪᠠᠰᠤᠷᠠᠭᠤᠯᠬᠤ ᠂ ᠠᠰᠢᠭᠯᠠᠬᠤ ᠶᠢ ᠨᠢᠭᠡ ᠴᠤᠭᠴᠠᠵᠢᠭᠤᠯᠤᠨ ᠡᠵᠡᠩᠨᠡᠵᠦ᠂ ᠡᠪᠠᠰᠤᠨ ᠤ ᠥᠢᠯᠠᠰ ᠢ ᠠᠵᠤ ᠠᠬᠤᠢ ᠠᠴᠠ ᠵᠠᠬ᠎ᠠ ᠲᠠᠯᠭᠡᠬᠦᠷ ᠤᠨ ᠠᠵᠤ ᠠᠬᠤᠢ ᠵᠥᠭ ᠬᠦᠭᠵᠢᠬᠦᠯᠬᠦ ᠪᠦᠭᠡᠳ ᠡᠪᠠᠰᠤ ᠲᠠᠷᠢᠵᠤ ᠮᠠᠯ ᠲᠠᠵᠢᠭᠡᠬᠦ ᠡᠪᠠᠰᠤ ᠪᠤᠷᠳᠤᠭᠠᠨ ᠤ ᠪᠥᠳᠤᠭᠡᠭᠳᠠᠬᠦᠨ ᠤ ᠥᠢᠯᠠᠳᠪᠤᠷᠢᠯᠠᠯ ᠵᠢᠴᠢ  ᠪᠤᠷᠤᠯᠠᠭᠤᠯᠤᠯᠳᠠ ᠵᠠᠷᠭᠡ ᠶᠢ ᠠᠵᠤ ᠥᠢᠯᠠᠰᠵᠢᠬᠦᠯᠤᠨ ᠬᠥᠭᠵᠢᠬᠦᠯᠪᠠᠯ ᠬᠥᠳᠡᠭᠡ ᠲᠤᠰᠬᠤᠨ ᠤ ᠮᠠᠯ ᠠᠵᠤ ᠠᠬᠤᠢ ᠶᠢ ᠰᠢᠨ᠎ᠠ ᠥᠰᠤᠷᠤᠯᠳᠠ ᠶᠢᠨ ᠴᠡᠭ ᠲᠤ ᠬᠦᠷᠭᠡᠬᠦ ᠨᠢ ᠯᠠᠪᠲᠠᠢ ᠶᠤᠮ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号